ᠮᠣᠷᠢ ᠲᠠᠢ ᠪᠠᠭᠰᠢ
2026-05-26
ᠣᠩᠱᠢᠭ᠍ᠰᠠᠨ ᠣᠳᠠᠭ᠎ᠠ᠄
ᠵᠣᠬᠢᠶᠠᠭᠴᠢ᠄ ᠡᠷᠳᠡᠨᠢᠸᠴᠢᠷ
 
ᠠ ᠠ᠋ ᠢ ᠣ ᠣ ᠦ ᠦ ᠭᠡᠵᠦ
ᠠᠯᠠᠭ ᠮᠣᠷᠢ ᠲᠠᠢ ᠪᠠᠭᠰᠢ ᠪᠢᠴᠢᠭ ᠵᠢᠭᠠᠵᠤ ᠪᠠᠢᠭᠰᠠᠨ ᠶᠤᠮ
ᠠᠯᠢᠶ᠎ᠠ ᠵᠢᠭᠠᠬᠠᠨ ᠬᠥᠳᠡᠭᠡ ᠶ᠋ᠢᠨ ᠬᠡᠦᠬᠡᠳ ᠲᠦ᠍
ᠠᠩᠬ᠎ᠠ ᠦᠰᠦᠭ ᠲᠠᠨᠢᠭᠤᠯᠤᠭᠰᠠᠨ ᠨᠠᠷᠠᠨ ᠪᠢᠯᠡ
ᠪᠠ ᠪᠠ ᠪᠢ ᠪᠣ ᠪᠤ ᠪᠦ ᠪᠦ ᠭᠡᠵᠦ
ᠪᠤᠭᠤᠨ ᠴᠣᠬᠣᠷ ᠮᠣᠷᠢ ᠲᠠᠢ ᠪᠠᠭᠰᠢ ᠪᠢᠴᠢᠭ ᠵᠢᠭᠠᠵᠤ ᠪᠠᠢᠭᠰᠠᠨ ᠶᠤᠮ
ᠪᠤᠷᠭᠠᠰᠤᠨ ᠮᠣᠷᠢ ᠠ᠋ᠴᠠ ᠮᠢᠨᠢ ᠰᠠᠯᠭᠠᠭᠰᠠᠨ
ᠪᠣᠳᠣᠯ ᠢ᠋ ᠤᠷᠲᠤᠳᠬᠠᠭᠰᠠᠨ ᠣᠳᠣᠨ ᠪᠢᠯᠡ
ᠬᠠ ᠬᠡ ᠬᠢ ᠬᠣ ᠬᠣ ᠬᠦ ᠬᠦ ᠭᠡᠵᠦ
ᠬᠤᠸᠠ ᠴᠣᠬᠣᠷ ᠮᠣᠷᠢ ᠲᠠᠢ ᠪᠠᠭᠰᠢ ᠪᠢᠴᠢᠭ ᠵᠢᠭᠠᠵᠤ ᠪᠠᠢᠭᠰᠠᠨ ᠶᠤᠮ
ᠬᠣᠲᠠ ᠳᠤᠭᠤᠢᠯᠠᠩ ᠤ᠋ᠨ ᠨᠢᠰᠤᠬᠠᠢ ᠬᠡᠦᠬᠡᠳ ᠲᠦ᠍
ᠬᠣᠯᠠ ᠶ᠋ᠢᠨ ᠵᠢᠭᠦᠷ ᠤᠷᠭᠤᠭᠤᠯᠤᠭᠰᠠᠨ ᠰᠣᠳᠣᠨ ᠪᠢᠯᠡ
ᠭᠠ ᠬᠡ ᠬᠢ ᠭᠤ ᠭᠤ ᠬᠦ ᠬᠦ ᠭᠡᠵᠦ
ᠭᠠᠩᠭᠠᠩ ᠴᠣᠬᠣᠷ ᠮᠣᠷᠢ ᠲᠠᠢ ᠪᠠᠭᠰᠢ ᠪᠢᠴᠢᠭ ᠵᠢᠭᠠᠵᠤ ᠪᠠᠢᠭᠰᠠᠨ ᠶᠤᠮ
ᠭᠠᠳᠠᠭ᠎ᠠ ᠭᠠᠷᠤᠭᠰᠠᠨ ᠢ᠋ᠶ᠋ᠠᠷ ᠬᠣᠷᠣᠭᠠᠨ ᠳ᠋ᠤ᠌ ᠨᠠᠭᠠᠳᠳᠠᠭ ᠬᠡᠦᠬᠡᠳ ᠢ᠋
ᠭᠠᠷ ᠢ᠋ ᠨᠢ ᠭᠠᠨᠵᠤᠭᠠᠨ ᠳ᠋ᠤ᠌ ᠬᠦᠷᠭᠡᠭᠰᠡᠨ ᠳᠥᠷᠥᠭᠡ ᠪᠢᠯᠡ
ᠮᠠ᠋ ᠮᠠ᠋ ᠮᠢ ᠮᠤ ᠮᠣ ᠮᠥ ᠮᠥ ᠭᠡᠵᠦ
ᠮᠣᠷᠢ ᠲᠠᠢ ᠪᠠᠭᠰᠢ ᠪᠢᠴᠢᠭ ᠵᠢᠭᠠᠵᠤ ᠪᠠᠢᠭᠰᠠᠨ ᠶᠤᠮ
ᠮᠤᠨᠳᠠᠭ ᠰᠤᠷᠳᠠᠭ ᠬᠡᠦᠬᠡᠳ ᠪᠣᠯᠤᠭᠠᠷᠠᠢ ᠭᠡᠵᠦ
ᠮᠣᠳᠣᠨ ᠰᠠᠮᠪᠠᠷ᠎ᠠ ᠳᠡᠭᠡᠷ᠎ᠡ ᠪᠢᠴᠢᠭ ᠵᠢᠭᠠᠭᠰᠠᠨ ᠵᠠᠮᠴᠢ ᠪᠢᠯᠡ
ᠲᠠ ᠲᠠ ᠲᠢ ᠲᠣ᠋ ᠲᠣ᠋ ᠲᠥ᠋ ᠲᠦ᠋ ᠭᠡᠵᠦ
ᠲᠠᠰᠢᠶ᠎ᠠ ᠨᠢ ᠴᠣᠬᠣᠷ ᠮᠣᠷᠢ ᠲᠠᠢ ᠪᠠᠭᠰᠢ ᠪᠢᠴᠢᠭ ᠵᠢᠭᠠᠵᠤ ᠪᠠᠢᠭᠰᠠᠨ ᠶᠤᠮ
ᠳᠠᠯᠠ ᠭᠠᠷᠤᠭᠰᠠᠨ ᠮᠣᠷᠢ ᠲᠠᠢ ᠪᠠᠭᠰᠢ ᠮᠢᠨᠢ
ᠳᠠᠩᠴᠤ ᠬᠦᠨᠳᠦᠳᠬᠡᠯ ᠲᠡᠢ ᠠᠴᠢᠲᠠᠨ ᠶᠤᠮ
ᠴᠠ ᠴᠠ ᠴᠢ ᠴᠣ ᠴᠣ ᠴᠥ᠋ ᠴᠦ᠋ ᠭᠡᠵᠦ
ᠴᠠᠭᠠᠨ ᠴᠣᠬᠣᠷ ᠮᠣᠷᠢ ᠲᠠᠢ ᠪᠠᠭᠰᠢ ᠪᠢᠴᠢᠭ ᠵᠢᠭᠠᠵᠤ ᠪᠠᠢᠭᠰᠠᠨ ᠶᠤᠮ
ᠴᠣᠬᠣᠮ ᠴᠤ᠌ ᠬᠦᠴᠢᠷ ᠲᠡᠢ ᠲᠡᠷᠡ ᠦᠶ᠎ᠡ ᠳ᠋ᠦ᠍
ᠴᠤᠯᠪᠤᠭᠤᠷ ᠠᠳᠬᠤᠭᠤᠯᠤᠭᠰᠠᠨ ᠡᠷᠴᠢ ᠪᠢᠯᠡ
ᠬᠡᠢᠢᠮᠣᠷᠢ ᠰᠦᠯᠵᠢᠶ᠎ᠡ
ᠢᠷᠡᠯᠲᠡ᠄
 

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0000-0000000

ᠢᠮᠧᠯ᠄ soninhuudas@gmail.com