ᠶᠡᠬᠡ ᠬᠠᠭᠠᠨ ᠬᠢᠭᠡᠳ ᠬᠦᠭᠰᠢᠨ ᠪᠣᠮᠪᠣ
--- ᠲᠡᠤᠬᠡ ᠶᠢ ᠡᠷᠡᠭᠦᠯ ᠤᠬᠠᠭᠠᠨ ᠢᠶᠠᠷ ᠣᠢᠯᠠᠭᠠᠬᠤ ᠨᠢ ︵ ᠭᠤᠷᠪᠠ︶
ᠪ᠂ ᠲᠦᠮᠡᠨ᠋ᠥ᠌ᠯᠵᠡᠢ
ᠮᠣᠩᠭᠣᠯ ᠤᠨ ᠲᠡᠤᠬᠡᠨ ᠳ᠋ᠥ ︽ᠡᠵᠡᠨᠲᠦ ᠭᠦᠷᠦᠨ ᠤ ᠦᠶ᠎ᠡ︾ ᠬᠡᠮᠡᠨ ᠨᠡᠷᠡᠯᠡᠭᠳᠡᠳᠡᠭ 13-14 ᠳ᠋ᠤᠭᠡᠷ ᠵᠠᠭᠤᠨ ᠤ ᠲᠡᠤᠬᠡ ᠶᠢ ᠣᠢᠯᠠᠭᠠᠶ᠎ᠠ ᠭᠡᠪᠡᠯ ᠬᠢᠲᠠᠳ ᠰᠣᠷᠪᠤᠯᠵᠢ ᠶᠢ ᠲᠣᠭᠣᠷᠢᠵᠤ ᠭᠠᠷᠬᠤᠶ᠎ᠠ ᠪᠡᠷᠬᠡ᠃ ᠡᠨᠡ ᠨᠢ ᠬᠢᠲᠠᠳ ᠤᠳ ᠮᠤᠨᠳᠠᠭ ᠲᠠᠭᠠᠨ ᠪᠢᠰᠢ ᠬᠠᠷᠢᠨ ᠮᠣᠩᠭᠣᠯᠴᠤᠳ ᠮᠤᠨᠳᠠᠭ ᠪᠠᠢᠭᠰᠠᠨ ᠤ ᠭᠢ᠃ ᠮᠣᠩᠭᠣᠯᠴᠤᠳ᠂ ᠠᠯᠲᠠᠨ ᠤᠯᠤᠰ ᠨᠡᠷ᠎ᠡ ᠲᠢ ᠪᠣᠯᠣᠭᠰᠠᠨ ᠤᠮᠠᠷᠠᠲᠤ ᠬᠢᠲᠠᠳ ᠤᠨ ᠨᠤᠲᠤᠭ ︵ ᠪᠡᠭᠡᠵᠢᠩ ᠪᠠᠭᠲᠠᠨ᠎ᠠ︶ ᠢ ᠡᠵᠡᠯᠡᠭᠰᠡᠨ ᠡᠴᠡ ᠡᠬᠢᠯᠡᠵᠤ ᠪᠣᠳᠣᠪᠠᠯ 134 ᠵᠢᠯ ᠬᠢᠲᠠᠳ ᠤᠨ ᠲᠦᠷᠤ ᠶᠢ ᠪᠠᠷᠢᠭᠰᠠᠨ ᠠᠵᠢ᠃ ᠲᠦᠷᠤ ᠤᠯᠤᠰ ᠨᠢ ᠮᠦᠬᠦᠭᠰᠡᠨ ᠴᠤ ᠦᠨᠳᠤᠰᠤᠳᠡᠨ ᠨᠢ ᠪᠠᠢᠭᠰᠠᠨ ᠤᠴᠢᠷ ᠲᠡᠤᠬᠡ ᠪᠠᠨ ᠪᠢᠴᠢᠬᠦ ᠨᠢ ᠪᠤᠷᠤᠭᠤ ᠶᠠᠭᠤ ᠪᠠᠢᠬᠤᠪ᠃
ᠬᠢᠲᠠᠳ ᠲᠡᠤᠬᠡᠨ ᠰᠤᠷᠪᠤᠯᠵᠢ᠂ ᠤᠷᠠᠨ ᠵᠤᠬᠢᠶᠠᠯ᠂ ᠡᠩ ᠦᠨ ᠮᠡᠳᠡᠭᠳᠡᠬᠦᠨ ᠦ ᠨᠣᠮ ᠪᠦᠲᠦᠭᠡᠯ ᠳ᠋ᠥ ︽ ᠴᠠᠩᠴᠦ᠋ᠨ ᠪᠣᠮᠪᠣ ᠴᠢᠩᠭᠢᠰ ᠬᠠᠭᠠᠨ ᠲᠠᠢ ᠠᠭᠤᠯᠵᠠᠬᠰᠠᠨ ᠨᠢ︾ ᠭᠡᠳᠡᠭ ᠠᠭᠤᠯᠭ᠎ᠠ ᠶᠢ ᠵᠠᠪᠠᠯ ᠳᠤᠷᠠᠳᠤᠨ᠎ᠠ᠃ ᠴᠢᠩᠭᠢᠰ ᠬᠠᠭᠠᠨ ᠲᠦᠷᠤ ᠶᠢ ᠵᠠᠰᠠᠬᠤ ᠤᠬᠠᠭᠠᠨ᠂ ᠤᠷᠲᠤ ᠨᠠᠰᠤᠯᠠᠬᠤ ᠤᠪᠠᠳᠢᠰ ᠢ ᠵᠢᠭᠠᠯᠭᠠᠬᠤ ᠭᠡᠵᠤ ᠬᠦᠭᠰᠢᠨ ᠪᠣᠮᠪᠤ ᠶᠢ ᠤᠷᠢᠭᠰᠠᠨ ᠭᠡᠨ᠎ᠡ᠃ ᠪᠤᠮᠪᠤ ᠪᠠᠷ ᠴᠢᠩᠭᠢᠰ ᠬᠠᠭᠠᠨ ᠳ᠋ᠥ ︽ ᠠᠯᠠᠵᠤ ᠬᠢᠳᠤᠬᠤ ᠪᠠᠨ ᠪᠠᠭᠠᠰᠬᠠᠵᠤ᠂ ᠢᠷᠭᠡᠳ ᠢ ᠬᠠᠢᠷᠠᠯᠠᠬᠤ︾ ᠰᠠᠨᠠᠭᠤᠯᠭ᠎ᠠ ᠶᠢ ᠥᠭᠭᠦᠭᠰᠡᠨ ︵ ᠵᠡᠭᠦᠯᠲᠡ1︶ ᠡᠴᠡ ᠮᠣᠩᠭᠣᠯ ᠴᠡᠷᠢᠭ ᠦᠨ ᠠᠯᠠᠵᠤ ᠬᠢᠳᠤᠬᠤ ᠪᠠᠭᠠᠰᠴᠤ ᠡᠵᠡᠯᠡᠭᠳᠡᠭᠰᠡᠨ ᠣᠷᠣᠨ ᠤ ᠠᠷᠠᠳ ᠢᠷᠭᠡᠳ ᠦᠨ ᠦᠬᠦᠯ ᠦᠷᠡᠭᠳᠡᠯ ᠢ ᠪᠠᠭᠠᠰᠬᠠᠭᠰᠠᠨ ︵ᠵᠡᠭᠦᠯᠲᠡ2︶ ᠭᠡᠨ᠎ᠡ᠃ ᠶᠠᠪᠤᠨ ᠶᠠᠪᠤᠭᠰᠠᠭᠠᠷ ᠴᠠᠩᠴᠦ᠋ᠨ ᠪᠣᠮᠪᠣ ᠨᠢ ᠴᠢᠩᠭᠢᠰ ᠬᠠᠭᠠᠨ ᠳ᠋ᠥ ᠲᠦᠷᠤ ᠶᠢ ᠵᠠᠰᠠᠬᠤ ᠤᠬᠠᠭᠠᠨ ᠢ ᠵᠢᠭᠠᠬᠰᠠᠨ ᠵᠥᠪᠯᠡᠭᠴᠢ᠂ ᠤᠯᠤᠰ ᠲᠦᠷᠤ ᠶᠢᠨ ᠵᠢᠳᠬᠦᠯᠲᠡᠨ᠂ ᠮᠣᠩᠭᠣᠯ ᠴᠡᠷᠢᠭ ᠦᠨ ᠲᠡᠮᠤᠷ ᠲᠤᠭᠤᠷᠠᠢ ᠠᠴᠠ ᠬᠢᠲᠠᠳ ᠢ ᠠᠪᠤᠷᠠᠭᠰᠠᠨ ᠪᠠᠭᠠᠳᠤᠷ ᠪᠣᠯᠣᠭᠠᠳ᠂ ᠡᠢᠮᠤ ᠰᠠᠨᠠᠭ᠎ᠠ ᠡᠨᠡ ᠰᠡᠳᠤᠪ ᠢᠶᠠᠷ ᠮᠠᠰᠲ᠋ᠧᠷ ᠳ᠋ᠣᠺᠲ᠋ᠣᠷ ᠤᠨ ᠴᠤᠯᠠ ᠬᠠᠮᠠᠭᠠᠯᠠᠬᠰᠠᠳ ᠬᠡᠴᠢᠨᠡᠨ ᠭᠠᠷᠤᠭᠰᠠᠨ ᠢ ᠪᠦᠦ ᠮᠡᠳᠡ᠂ ᠣᠢᠷ᠎ᠠ ᠶᠢᠨ ᠵᠢᠯ ᠤᠳ ᠲᠦ ᠪᠦᠷ ᠪᠡᠶ᠎ᠡ ᠳᠠᠭᠠᠭᠠᠭᠰᠠᠨ ᠰᠤᠳᠤᠯᠤᠯ ᠪᠣᠯᠣᠨ ᠬᠦᠭᠵᠢᠵᠡᠢ᠃ 2013 ᠣᠨ ᠳ᠋ᠥ ᠬᠢᠲᠠᠳ ᠤᠳ ︽ ᡁᠢ ᠱᠠ ᠯᠢᠩ︾ ︵ ᠵᠡᠭᠦᠯᠲᠡ 3︶ ᠬᠡᠮᠡᠬᠦ ᠺᠢᠨᠤ ᠦᠢᠯᠡᠳᠴᠦ ᠲᠡᠭᠡᠷᠡᠬᠢ ᠰᠠᠨᠠᠭ᠎ᠠ ᠶᠢ ᠳᠡᠯᠭᠡᠴᠡᠨ ᠦ ᠤᠷᠠᠯᠢᠭ ᠢᠶᠠᠷ ᠰᠤᠷᠲᠠᠯᠴᠢᠯᠠᠭᠰᠠᠨ ᠪᠠᠢᠨ᠎ᠠ᠃ ᠢᠩᠬᠢᠭᠡᠳ ᠠᠢᠮᠠᠭ ᠤᠨ ᠲᠦᠷᠦᠭᠦᠤ ᠠᠴᠠ ᠶᠡᠬᠡ ᠬᠠᠭᠠᠨ ᠪᠣᠯᠲᠠᠯ᠎ᠠ ᠪᠠᠭᠰᠢ ᠪᠠᠢᠭᠰᠠᠨ ᠦᠭᠡᠢ᠂ ᠴᠡᠷᠢᠭ ᠤᠯᠤᠰ ᠲᠦᠷᠤ ᠶᠢᠨ ᠲᠡᠭᠷᠢᠯᠢᠭ ᠠᠪᠢᠶᠠᠰᠲᠠᠨ ᠲᠡᠮᠤᠵᠢᠨ ᠴᠢᠩᠭᠢᠰ ᠬᠠᠭᠠᠨ ᠮᠢᠨᠢ ᠲᠡᠭᠷᠢ ᠳ᠋ᠥ ᠬᠠᠯᠢᠭᠠᠳ ᠬᠡᠳᠤᠨ ᠵᠠᠭᠤᠨ ᠵᠢᠯ ᠪᠣᠯᠣᠭᠰᠠᠨ ᠤ ᠲᠠᠷᠠᠭ᠎ᠠ ᠴᠠᠩᠴᠦ᠋ᠨ ᠬᠡᠮᠡᠬᠦ ᠬᠢᠲᠠᠳ ᠪᠠᠭᠰᠢ ᠲᠠᠢ ᠪᠣᠯᠬᠣ ᠨᠢ ᠲᠡᠷᠡ᠃
ᠵᠦᠪᠬᠡᠨ ᠬᠢᠲᠠᠳ ᠤᠳ ᠢᠩᠬᠢᠵᠤ ᠪᠢᠴᠢᠭᠰᠡᠨ ᠪᠣᠯ ᠶᠠᠭᠠᠬᠢᠬᠤ ᠪᠤᠢ ᠳ᠋ᠠ᠂ ᠤᠭ ᠠᠴᠠ ᠪᠠᠨ ᠬᠢᠲᠠᠳ ᠲᠦ ᠲᠡᠤᠬᠡ ᠶᠢᠨ ᠰᠢᠨᠵᠢᠯᠡᠬᠦ ᠤᠬᠠᠭᠠᠨ ᠭᠡᠵᠤ ᠪᠠᠢᠳᠠᠭ ᠦᠭᠡᠢ᠂ ᠵᠦᠪᠬᠡᠨ ᠲᠡᠤᠬᠡ ᠶᠢᠨ ᠤᠷᠠᠨ ᠵᠤᠬᠢᠶᠠᠯ ᠪᠠᠢᠳᠠᠭ ᠠᠴᠠ ᠬᠤᠢᠰᠢ᠃ ᠬᠠᠷᠠᠮᠰᠠᠯᠳᠠᠢ ᠨᠢ ᠮᠠᠨ ᠤ ᠮᠣᠩᠭᠣᠯ ᠲᠡᠤᠬᠡᠴᠢᠳ ᠴᠤ ᠶᠡᠬᠡ ᠬᠠᠭᠠᠨ ᠬᠦᠭᠰᠢᠨ ᠪᠣᠮᠪᠣ ᠬᠤᠶᠠᠷ ᠤᠨ ᠠᠭᠤᠯᠵᠠᠯᠳᠠ ᠶᠢ ᠬᠢᠲᠠᠳ ᠤᠨ ᠵᠣᠭᠢᠶᠠᠮᠠᠯ ᠰᠠᠨᠠᠭ᠎ᠠ ᠲᠠᠢ ᠭᠠᠢᠬᠠᠮᠠᠷ ᠠᠳᠠᠯᠢᠬᠠᠨ ︵ᠪᠤᠶᠤ ᠨᠡᠢᠴᠡᠭᠦᠯᠦᠨ︶ ᠲᠠᠢᠯᠪᠤᠷᠢᠯᠠᠳᠠᠭ ᠪᠣᠯᠵᠠᠢ᠃ ᠰᠠᠢᠰᠢᠶᠠᠯ ᠭᠤᠸᠠᠢ ᠶᠢᠨ ᠠᠪᠤᠷᠭᠤ ᠪᠦᠲᠦᠭᠡᠯ ︽ ᠴᠢᠩᠭᠢᠰ ᠬᠠᠭᠠᠨ ᠤ ᠲᠤᠪᠴᠢᠶᠡᠨ︾ ᠳᠦ ᠴᠠᠩᠴᠦ᠋ᠨ ᠪᠣᠮᠪᠣ ᠶᠢ ︽ ᠠᠯᠤᠰ ᠬᠤᠯᠠ ᠶᠢᠨ ᠪᠣᠳᠣᠯᠭ᠎ᠠ ᠲᠠᠢ ᠲᠦᠷᠤ ᠶᠢᠨ ᠵᠢᠳᠬᠦᠯᠲᠡᠨ︾ ᠭᠡᠵᠤ ᠦᠨᠡᠯᠡᠭᠡᠳ ︽ ᠴᠢᠩᠭᠢᠰ ᠬᠠᠭᠠᠨ ᠤ ᠲᠠᠯ᠎ᠠ ᠠᠴᠠ ᠦᠵᠡᠪᠡᠯ ᠡᠩᠬᠡ ᠲᠦᠷᠤ ᠶᠢ ᠡᠮᠬᠢᠯᠡᠨ ᠵᠠᠰᠠᠬᠤ ᠳ᠋ᠥ ᠡᠷᠳᠡᠮᠳᠡᠨ ᠮᠡᠷᠭᠡᠳ ᠬᠡᠷᠡᠭ ᠲᠠᠢ ᠪᠠᠢᠵᠠᠢ︾ ᠬᠡᠮᠡᠨ ᠲᠡᠮᠳᠡᠭᠯᠡᠭᠰᠡᠨ ᠨᠢ ︽ᠲᠦᠷᠤ ᠶᠢ ᠵᠠᠰᠠᠬᠤ ᠤᠬᠠᠭᠠᠨ ᠢ ᠠᠰᠠᠭᠤᠬᠤ ᠭᠡᠵᠤ ᠤᠷᠢᠭᠰᠠᠨ︾ ᠬᠡᠮᠡᠬᠦ ᠬᠢᠲᠠᠳ ᠲᠠᠢᠯᠪᠤᠷᠢ ᠳ᠋ᠥ ᠶᠠᠪ ᠴᠠᠪ ᠨᠡᠢᠴᠡᠭᠦᠯᠦᠭᠰᠡᠨ ᠪᠠᠢᠨ᠎ᠠ᠃ ᠵᠠᠯᠭᠠᠭᠠᠳ ᠴᠢᠩᠭᠢᠰ ᠬᠠᠭᠠᠨ ᠤ ︽ ᠴᠠᠩᠴᠦ᠋ᠨ ᠠᠷᠰᠢ ᠶᠢ ᠤᠷᠢᠭᠰᠠᠨ ᠵᠣᠷᠢᠯᠭ᠎ᠠ ᠳᠦ ᠨᠢ ᠪᠠᠰᠠ ᠤᠷᠲᠤ ᠨᠠᠰᠤᠯᠠᠬᠤ ᠶᠤᠰᠤᠨ ᠢ ᠡᠷᠢᠭᠰᠡᠨ ᠨᠢᠭᠡᠨ ᠠᠭᠤᠯᠭ᠎ᠠ ᠪᠤᠢ᠂ ᠭᠡᠪᠡᠴᠤ ᠲᠡᠷᠡ ᠨᠢ ᠴᠢᠬᠤᠯᠠ ᠪᠤᠰᠤ︾ ︵ ᠵᠡᠭᠦᠯᠲᠡ 4︶ ᠭᠡᠵᠤ ᠴᠣᠬᠣᠭᠰᠠᠨ ᠨᠢ ᠶᠡᠬᠡ ᠬᠠᠭᠠᠨ ᠤ ᠬᠦᠭᠰᠢᠨ ᠪᠣᠮᠪᠣ ᠶᠢ ᠤᠷᠢᠭᠰᠠᠨ ᠴᠤᠷ ᠤᠨ ᠭᠠᠭᠴᠠ ᠵᠣᠷᠢᠯᠭ᠎ᠠ ᠶᠢ ᠦᠭᠡᠢᠰᠭᠡᠭᠡᠳ᠂ ᠠᠭᠤᠯᠵᠠᠯᠳᠠ ᠶᠢ ᠴᠡᠪᠡᠷ ᠤᠯᠤᠰ ᠲᠦᠷᠤ᠂ ᠡᠩ ᠲᠠᠢᠪᠤᠩ ᠤᠨ ᠰᠡᠳᠤᠪ ᠲᠡᠰᠢ ᠬᠦᠰᠢᠵᠠᠢ᠃ ᠠᠺᠠᠳᠧᠮᠢᠴᠢ ᠴ᠂ ᠲᠠᠯᠠᠢ ᠭᠤᠸᠠᠢ ᠶᠢᠨ ᠰᠣᠳᠣᠨ ᠰᠢᠭᠦᠮᠵᠢᠯᠡᠯ ᠤᠳ ᠢᠶᠡᠷ ᠢᠶᠡᠨ ᠣᠨᠴᠠᠯᠢᠭᠳᠠᠭᠰᠠᠨ ᠭᠤᠷᠪᠠᠨ ᠪᠤᠳ᠋ ᠲᠠᠢ ︽ᠮᠣᠩᠭᠣᠯ ᠤᠨ ᠲᠡᠤᠬᠡ︾ ᠳᠤ ᠴᠢᠩᠭᠢᠰ ᠬᠠᠭᠠᠨ ︽ ᠶᠡᠬᠡ ᠭᠦᠷᠦᠨ ᠢ ᠤᠳᠤᠷᠢᠳᠬᠤ ᠠᠷᠭ᠎ᠠ ᠤᠬᠠᠭᠠᠨ︾ ︵ᠵᠡᠭᠦᠯᠲᠡ 5︶ ᠵᠡᠷᠭᠡ ᠶᠢ ᠠᠰᠠᠭᠤᠬᠰᠠᠨ ᠭᠡᠵᠡᠢ᠃ ᠮᠣᠩᠭᠣᠯ ᠤᠨ ᠲᠡᠤᠬᠡ ᠶᠢᠨ ᠰᠤᠳᠤᠯᠤᠯ ᠳᠤ ᠠᠰᠢᠳᠠ ᠶᠢᠨ ᠣᠳᠣ ᠪᠣᠯᠣᠨ ᠭᠢᠯᠠᠯᠵᠠᠭᠰᠠᠨ ᠦᠷᠯᠦᠭ ᠦᠳ ᠮᠢᠨᠢ ᠢᠩᠬᠢᠵᠤ ᠪᠢᠴᠢᠭᠰᠡᠨ ᠪᠠᠢᠬᠤ ᠶᠤᠮ ᠴᠢᠨᠢ ᠡᠭᠡᠯ ᠵᠢᠷ ᠦᠨ ᠬᠦᠮᠦᠰ ᠤᠨ ᠣᠯᠠᠩᠬᠢ ᠨᠢ ᠡᠨᠡ ᠶᠠᠩᠵᠤ ᠪᠠᠷ ᠣᠢᠯᠠᠭᠠᠵᠤ᠂ ᠢᠲᠡᠭᠡᠵᠤ᠂ ᠪᠢᠴᠢᠵᠤ ᠰᠣᠷᠲᠠᠯᠴᠢᠯᠠᠵᠤ ᠪᠠᠢᠭ᠎ᠠ ᠪᠠᠢᠯ ᠦᠭᠡᠢ ᠳ᠋ᠠ᠃ ᠢᠩᠬᠢᠭᠡᠳ ᠡᠨᠡ ᠦᠭᠦᠯᠡᠯ ᠢ ᠪᠢᠴᠢᠬᠦ ᠱᠠᠭᠠᠷᠳᠠᠯᠭ᠎ᠠ ᠲᠥᠷᠥᠯ᠎ᠡ᠃
ᠴᠢᠩᠭᠢᠰ ᠬᠠᠭᠠᠨ ᠤ ᠳᠠᠭᠤᠳᠠᠯᠭ᠎ᠠ ᠪᠡᠷ ᠴᠠᠩᠴᠦ᠋ᠨ ᠪᠣᠮᠪᠣ ᠭᠡᠭᠴᠢ ᠲᠤᠮᠳᠠᠳᠤ ᠠᠽᠢᠶ᠎ᠠ ᠳ᠋ᠥ ᠬᠦᠷᠴᠤ ᠶᠡᠬᠡ ᠬᠠᠭᠠᠨ ᠲᠠᠢ ᠠᠭᠤᠯᠵᠠᠭᠰᠠᠨ ᠬᠡᠷᠡᠭ ᠪᠣᠯ ᠦᠨᠡᠨ᠃ ᠴᠠᠩᠴᠦ᠋ᠨ ᠪᠣᠮᠪᠣ ᠴᠢᠤ ᠴᠦ᠋ ᠵᠢᠢ ᠭᠡᠭᠴᠢ ᠬᠢᠲᠠᠳ ᠤᠨ ᠲᠣᠭ᠎ᠠ ᠲᠣᠮᠣᠰᠢ ᠦᠭᠡᠢ ᠣᠯᠠᠨ ᠪᠣᠮᠪᠣ ᠠᠷᠰᠢ ᠶᠢᠨ ᠨᠢᠭᠡᠨ᠂ ᠠᠯᠳᠠᠨ ᠤᠯᠤᠰ ᠲᠤ ᠡᠭᠦᠰᠦᠭᠰᠡᠨ ᠴᠢᠤᠸᠠᠨ ᠵᠸᠠ ᠳ᠋ᠣᠤ ᠬᠡᠮᠡᠬᠦ ᠪᠤᠮᠪᠤ ᠶᠢᠨ ᠰᠤᠷᠳᠠᠬᠤᠨ ᠤ ᠨᠢᠭᠡᠨ ᠰᠠᠯᠪᠤᠷᠢ ᠶᠢ ᠳᠡᠯᠭᠡᠷᠡᠭᠦᠯᠦᠭᠰᠡᠨ ᠭᠠᠪᠢᠶᠠᠲᠠᠨ ᠭᠡᠳᠡᠭ ᠢᠶᠡᠷ ᠢᠶᠡᠨ ᠪᠣᠮᠪᠣ ᠶᠢᠨ ᠲᠡᠤᠬᠡᠨ ᠳ᠋ᠥ ᠴᠢᠬᠤᠯᠠ ᠪᠠᠢᠷᠢ ᠡᠵᠡᠯᠡᠳᠡᠭ ᠶᠤᠮ ᠪᠠᠢᠨ᠎ᠠ᠃ ᠲᠡᠭᠦᠨ ᠦ ᠲᠠᠭᠠᠭᠤᠯᠵᠤ ᠶᠠᠪᠤᠭᠰᠠᠨ 19 ᠱᠠᠪᠢ ᠶᠢᠨ ᠨᠢᠭᠡᠨ ᠪᠣᠯᠬᠣ ᠯᠢ ᡁᠢ ᠴᠠᠩ ᠭᠡᠭᠴᠢ ᠵᠠᠮᠵᠢᠨ ᠲᠡᠮᠳᠡᠭᠯᠡᠯ ᠬᠥᠲᠥᠯᠵᠦ ︽ ᠴᠠᠩᠴᠦ᠋ᠨ ᠪᠣᠮᠪᠣ ᠪᠠᠷᠠᠭᠤᠨ ᠳᠤ ᠵᠤᠷᠴᠢᠭᠰᠠᠨ ᠲᠡᠮᠳᠡᠭᠯᠡᠯ︾ ᠬᠡᠮᠡᠬᠦ ᠲᠤᠪᠬᠢᠮᠠᠯ ᠪᠢᠴᠢᠵᠤ ᠦᠯᠡᠳᠡᠭᠡᠵᠡᠢ᠃
72 ᠨᠠᠰᠤᠳᠠᠢ ᠬᠦᠭᠰᠢᠨ ᠪᠣᠮᠪᠣ ᠮᠣᠷᠢ ᠯᠠᠭᠤᠰᠠ ᠬᠠᠰᠠᠭ ᠲᠡᠷᠭᠡ ᠪᠡᠷ ᠵᠡᠭᠦᠨ ᠠᠽᠢᠶ᠎ᠠ ᠶᠢᠨ ᠱᠠᠨᠳᠦ᠋ᠩ ᠤᠨ ᠮᠤᠬᠤᠷ ᠠᠴᠠ ᠭᠠᠷᠴᠤ ᠲᠤᠮᠳᠠᠳᠤ ᠠᠽᠢᠶ᠎ᠠ ᠶᠢᠨ ᠪᠠᠷᠠᠭᠤᠨ ᠤᠷᠲᠤ ᠦᠵᠦᠭᠦᠷ ᠬᠦᠷᠲᠡᠯ᠎ᠡ ᠠᠶᠠᠯᠠᠨ᠎ᠠ ᠭᠡᠳᠡᠭ ᠬᠡᠨ ᠰᠣᠨᠣᠰᠤᠭᠰᠠᠨ ᠴᠤ ᠭᠠᠢᠬᠠᠮᠠᠷ᠃ ᠵᠦᠪᠬᠡᠨ ᠨᠢᠭᠡ ᠲᠠᠯ᠎ᠠ ᠳᠠᠭᠠᠨ ᠮᠠᠤ ᠶᠢᠨ ᠤᠯᠠᠭᠠᠨ ᠠᠷᠮᠢ ᠶᠢᠨ ᠤᠷᠲᠤ ᠠᠶᠠᠯᠠᠯ ᠭᠡᠳᠡᠭ ᠡᠴᠡ ᠲᠠᠲᠠᠵᠤ ᠬᠡᠯᠡᠬᠦ ᠳᠦ ᠭᠤᠷᠪᠠᠨ ᠳᠠᠬᠢᠨ ᠤᠷᠲᠤ ︵ ᠵᠡᠭᠦᠯᠲᠡ 6︶ ᠠᠵᠢ᠃
ᠶᠠᠪᠤᠭᠰᠠᠨ ᠵᠠᠮ ᠱᠣᠭᠤᠮ ᠢ ᠨᠢ ᠶᠡᠬᠡᠪᠴᠢᠯᠡᠨ ᠵᠢᠷᠤᠭᠯᠠᠪᠠᠰᠤ ᠂ ︵ᠣᠳᠣ ᠶᠢᠨ ᠨᠡᠷᠡᠯᠡᠯ ᠢᠶᠡᠷ︶ ᠱᠠᠨᠳᠦ᠋ᠩ ᠠᠴᠠ ᠭᠠᠷᠴᠤ ᠮᠣᠩᠭᠣᠯ ᠳᠦ ᠡᠵᠡᠯᠡᠭᠳᠡᠭᠡᠳ ᠪᠠᠢᠭᠰᠠᠨ ᠪᠡᠭᠡᠵᠢᠩ ᠢᠶᠠᠷ ᠳᠠᠭᠠᠷᠢᠨ ᠴᠢᠭᠤᠯᠤᠯᠲᠤ ᠬᠠᠭᠠᠯᠭ᠎ᠠ ᠬᠠᠪᠢ ᠠᠴᠠ ᠵᠡᠭᠦᠨ ᠬᠣᠢᠰᠢ ᠰᠢᠯᠢ ᠶᠢᠨ ᠭᠣᠣᠯ᠂ ᠵᠤᠤ ᠤᠳᠠ ᠶᠢᠨ ᠨᠤᠲᠤᠭ ᠢ ᠥᠩᠭᠡᠷᠡᠨ ᠬᠦᠯᠦᠨ ᠲᠠᠯᠠᠢ ᠳᠤ ᠬᠦᠷᠴᠠᠢ᠃ ᠬᠡᠷᠯᠣᠨ ᠭᠣᠣᠯ ᠢ ᠳᠠᠭᠠᠵᠤ ᠭᠤᠷᠪᠠᠨ ᠭᠤᠣᠯ ᠤᠨ ᠡᠬᠢᠨ ᠬᠦᠷᠦᠭᠡᠳ ᠲᠡᠨᠳᠡ ᠡᠴᠡ ᠣᠳᠣ ᠶᠢᠨ ᠮᠣᠩᠭᠣᠯ ᠤᠯᠤᠰ ᠤᠨ ᠨᠤᠲᠤᠭ ᠳᠡᠪᠢᠰᠭᠡᠷ ᠢ ᠪᠠᠷᠠᠭᠤᠨᠰᠢ ᠰᠢᠪᠳᠤᠯᠵᠤ ᠠᠯᠳᠠᠢ ᠠᠭᠤᠯᠠᠨ ᠳᠤ ᠲᠤᠯᠵᠤ ᠣᠴᠢᠭᠰᠠᠨ ᠪᠠᠢᠨ᠎ᠠ᠃ ᠡᠨᠳᠡ ᠪᠣᠮᠪᠣ ᠶᠢᠨ ᠰᠦᠮ᠎ᠡ ᠪᠣᠰᠬᠠᠵᠤ ᠶᠢᠰᠤᠨ ᠱᠠᠪᠢ ᠪᠠᠨ ᠣᠷᠬᠢᠭᠠᠳ ᠠᠶᠠᠯᠠᠯ ᠤᠨ ᠬᠢᠨᠢ ᠬᠠᠮᠤᠭ ᠤᠨ ᠪᠡᠷᠬᠡ ᠪᠠᠷᠲᠠᠭᠠᠲᠤ ᠬᠡᠰᠡᠭ ᠪᠠᠢᠬᠤ ᠭᠡᠵᠤ ᠰᠠᠨᠠᠭᠳᠠᠬᠤ ᠠᠯᠲᠠᠢ ᠶᠢᠨ ᠨᠢᠷᠤᠭᠤ ᠶᠢ ᠬᠣᠪᠳᠣ ᠶᠢᠨ ᠬᠢᠵᠠᠭᠠᠷ ᠲᠦ ᠳᠠᠪᠠᠵᠤ ᠬᠥᠨᠳᠡᠯᠡᠳᠤᠨ ᠲᠣᠰᠣᠭᠰᠠᠨ ᠵᠦᠩᠭᠠᠷ ᠤᠨ ᠡᠯᠡᠰᠤ ᠶᠢ ᠬᠥᠪᠡᠭᠡᠯᠡᠨ ᠵᠦᠰᠡᠭᠡᠳ᠂ ᠲᠡᠭᠷᠢ ᠠᠭᠤᠯᠠ ᠶᠢᠨ ᠠᠷᠤ ᠪᠡᠯ ᠢᠶᠡᠷ ᠠᠰᠠ ᠪᠠᠷᠠᠭᠤᠨᠰᠢ ᠵᠠᠮᠨᠠᠵᠠᠢ᠃ ᠲᠡᠭᠷᠢ ᠠᠭᠤᠯᠠ ᠶᠢ ᠣᠷᠢᠶᠠᠵᠤ ᠭᠠᠷᠤᠭᠰᠠᠨ ᠢᠶᠠᠨ ᠪᠠᠷᠠᠭᠤᠨ ᠤᠷᠤᠭᠰᠢ ᠴᠢᠭᠯᠡᠨ ᠺᠢᠷᠭᠢᠰᠲ᠋ᠠᠨ᠂ ᠲᠠᠵᠢᠺᠰᠲ᠋ᠠᠨ ᠤ ᠠᠭᠤᠯᠠᠷᠬᠠᠭ ᠣᠷᠣᠨ ᠢ ᠮᠣᠩᠭᠣᠯ ᠴᠡᠷᠢᠭ ᠦᠨ ᠬᠠᠮᠠᠭᠠᠯᠠᠯᠲᠠ ᠲᠠᠢ ᠪᠠᠷ ᠲᠤᠭᠤᠯᠵᠤ ᠰᠠᠮᠠᠷᠺᠠᠨᠲ ᠳ᠋ᠥ ᠬᠦᠷᠴᠤ ᠤᠴᠢᠵᠠᠢ᠃ ᠴᠢᠩᠭᠢᠰ ᠬᠠᠭᠠᠨ ᠵᠠᠪ ᠮᠠᠭᠤᠲᠠᠢ ᠪᠠᠢᠭᠰᠠᠨ ᠲᠤᠯᠠ ᠪᠣᠮᠪᠣ ᠡᠨᠳᠡ ᠨᠢᠭᠡ ᠡᠪᠤᠯ ᠠᠮᠠᠷᠠᠭᠠᠳ ᠬᠣᠢᠲᠤ ᠬᠠᠪᠤᠷ ᠨᠢ ᠠᠬᠢᠨ ᠬᠣᠷᠢᠭᠠᠳ ᠬᠣᠨᠣᠭ ᠵᠠᠮᠨᠠᠵᠤ ᠪᠠᠢᠵᠤ ᠠᠹᠭᠠᠨᠢᠰᠲ᠋ᠠᠨ ᠤ ᠬᠣᠢᠲᠤ ᠬᠡᠰᠡᠭ ᠲᠦ ᠬᠦᠷᠴᠦ ᠶᠡᠬᠡ ᠡᠵᠡᠨ ᠴᠢᠩᠭᠢᠰ ᠬᠠᠭᠠᠨ ᠳᠤ ᠪᠠᠷᠠᠯᠬᠠᠪᠠ᠃ ᠠᠶᠠᠯᠠᠯ ᠨᠢ ᠨᠢᠭᠡ ᠲᠠᠯ᠎ᠠ ᠳᠠᠭᠠᠨ ᠨᠢᠭᠡ ᠵᠢᠯ᠂ ᠲᠤᠮᠳᠠᠳᠤ ᠠᠽᠢᠶ᠎ᠠ ᠳ᠋ᠥ ᠵᠢᠯ ᠪᠠᠢᠭᠰᠠᠨ ᠲᠠᠢ ᠪᠠᠨ ᠬᠦᠭᠰᠢᠨ ᠪᠣᠮᠪᠣ ᠪᠡᠷ ᠴᠢᠩᠭᠢᠰ ᠬᠠᠭᠠᠨ ᠲᠠᠢ ᠵᠣᠯᠭᠠᠬᠤ ᠳ᠋ᠥ ᠪᠦᠬᠦᠯᠢ ᠪᠦᠲᠦᠨ ᠭᠤᠷᠪᠠᠨ ᠣᠨ ᠵᠠᠷᠤᠴᠠᠭᠤᠯᠤᠭᠰᠠᠨ ᠠᠵᠢ᠃
ᠴᠢᠩᠭᠢᠰ ᠬᠠᠭᠠᠨ ᠬᠢᠭᠡᠳ ᠴᠠᠩᠴᠦ᠋ᠨ ᠪᠣᠮᠪᠣ ᠶᠢᠨ ᠠᠭᠤᠯᠵᠠᠯᠲᠠ ᠶᠢ ᠨᠢᠭᠲᠠᠯᠠᠬᠤ ᠳ᠋ᠥ ᠠᠰᠢᠭᠯᠠᠵᠤ ᠪᠣᠯᠬᠤ ᠬᠡᠷᠡᠭᠯᠡᠭᠳᠡᠬᠦᠨ ᠬᠣᠶᠠᠷ ᠪᠠᠢᠨ᠎ᠠ᠂ ᠨᠢᠭᠡ ᠨᠢ ᠯᠢ ᡁᠢ ᠴᠠᠩ ᠤᠨ ︽ ᠴᠠᠩᠴᠦ᠋ᠨ ᠪᠣᠮᠪᠣ ᠶᠢᠨ ᠪᠠᠷᠠᠭᠤᠨ ᠳᠤ ᠵᠣᠷᠴᠢᠭᠰᠠᠨ ᠲᠡᠮᠳᠡᠭᠯᠡᠯ︾ ︵ᠵᠡᠭᠦᠯᠲᠡ 7︶᠂ ᠨᠦᠭᠦᠭᠡ ᠨᠢ ᠶᠧᠯᠸᠢ ᠴᠦᠰᠠᠢ ᠶᠢᠨ ᠴᠢᠩᠭᠢᠰ ᠬᠠᠭᠠᠨ ᠤ ᠵᠠᠷᠯᠢᠭ ᠢᠶᠠᠷ ᠴᠠᠩᠴᠦ᠋ᠨ ᠪᠣᠮᠪᠣ ᠶᠢᠨ ᠬᠡᠯᠡᠭᠰᠡᠨ ᠭᠣᠣᠯ ᠵᠤᠢᠯ ᠢ ᠬᠢᠲᠠᠳ ᠬᠡᠯᠡ ᠪᠡᠷ ᠲᠡᠮᠳᠡᠭᠯᠡᠭᠰᠡᠨ ︽ᠰᠤᠷᠭᠠᠯ ᠢ ᠲᠠᠢᠯᠪᠤᠷᠢᠯᠠᠭᠰᠠᠨ ᠬᠤᠷᠠᠯ ᠤᠨ ᠲᠡᠮᠳᠡᠭᠯᠡᠯ︾ ︵ ᠵᠡᠭᠦᠯᠲᠡ 8︶ ᠪᠣᠯᠣᠨ᠎ᠠ᠃ ᠣᠳᠣ ᠦᠪᠡᠷ ᠦᠨ ᠲᠡᠪᠰᠢᠭᠦᠯᠬᠦ ᠭᠡᠰᠡᠨ ᠭᠣᠣᠯ ᠵᠤᠢᠯ ᠳᠡᠬᠡᠨ ᠣᠷᠣᠶ᠎ᠠ᠃
ᠨᠢᠭᠡ᠂ ᠴᠢᠩᠭᠢᠰ ᠬᠠᠭᠠᠨ ᠪᠠᠷ ᠴᠠᠩᠴᠦ᠋ᠨ ᠪᠣᠮᠪᠤ ᠠᠴᠠ ︽ᠲᠦᠷᠤ ᠶᠢ ᠵᠠᠰᠠᠬᠤ ᠤᠬᠠᠭᠠᠨ ᠢ ᠠᠰᠠᠭᠤᠬᠰᠠᠨ︾᠂ ᠴᠠᠩᠴᠦ᠋ᠨ ᠪᠣᠮᠪᠣ ᠨᠢ ᠴᠢᠩᠭᠢᠰ ᠬᠠᠭᠠᠨ ᠳᠤ ︽ ᠠᠯᠠᠵᠤ ᠬᠢᠳᠤᠬᠤ ᠪᠠᠨ ᠪᠠᠭᠠᠰᠬᠠᠬᠤ ᠶᠢ ᠢᠳᠬᠠᠭᠰᠠᠨ︾ ᠶᠠᠪᠤᠳᠠᠯ ᠪᠠᠢᠨ᠎ᠠ ᠦᠦ︖
ᠯᠢ ᡁᠢ ᠴᠠᠩ ᠤᠨ ᠲᠣᠪᠬᠢᠮᠠᠯ ᠳᠦ ᠠᠩᠬᠠᠨ ᠤ ᠠᠭᠤᠯᠵᠠᠯᠲᠠ ᠶᠢ ᠡᠢᠨ ᠬᠦ ᠲᠡᠮᠳᠡᠭᠯᠡᠵᠡᠢ᠄
ᠴᠠᠭ ᠠᠨᠤ ᠲᠦᠷᠪᠡᠨ ᠰᠠᠷ᠎ᠠ ᠶᠢᠨ ᠲᠠᠪᠤᠨ ᠤ ᠡᠳᠤᠷ ᠪᠤᠯᠠᠢ᠃ ᠪᠠᠭᠤᠳᠠᠯ ᠤᠨ ᠭᠠᠵᠠᠷ ᠢ ᠲᠣᠭᠲᠠᠮᠠᠭᠴᠠ ᠲᠡᠷᠤᠢ ᠡᠵᠡᠨ ᠳ᠋ᠣᠷ ᠵᠣᠯᠭᠠᠪᠠᠢ᠃ ᠡᠵᠡᠨ ᠲᠣᠬᠤᠨᠢᠭᠤᠯᠤᠨ ᠦᠭᠦᠯᠡᠭᠰᠡᠨ ᠢᠨᠤ᠂ ᠪᠣᠰᠣᠳ ᠤᠯᠤᠰ ᠣᠯᠠᠨᠳᠠ ᠵᠠᠯᠠᠭᠰᠠᠨᠠ ᠴᠦᠮ ᠡᠰᠡ ᠡᠴᠢᠵᠤ ᠡᠳᠤᠭᠡ ᠲᠦᠮᠡᠨ ᠭᠠᠵᠠᠷ ᠤᠨ ᠠᠯᠤᠰ ᠠᠴᠠ ᠡᠨᠳᠡ ᠢᠷᠡᠭᠰᠡᠨ ᠳ᠋ᠤᠷ ᠮᠢᠨᠤ ᠪᠡᠶ᠎ᠡ ᠮᠠᠰᠢ ᠪᠠᠶᠠᠷᠯᠠᠪᠠᠢ᠃ ᠪᠠᠭᠰᠢ ᠬᠠᠷᠢᠭᠤ ᠦᠴᠢᠭᠰᠡᠨ ᠢᠨᠤ᠂ ᠬᠦᠳᠡᠬᠢ ᠪᠣᠮᠪᠣ ᠵᠠᠷᠯᠢᠭ ᠢᠶᠠᠷ ᠢᠷᠡᠭᠰᠡᠨ ᠢᠨᠤ ᠲᠡᠭᠷᠢ ᠶᠢᠨ ᠰᠠᠨᠠᠭ᠎ᠠ ᠪᠤᠯᠠᠢ᠃ ᠡᠵᠡᠨ ᠪᠠᠶᠠᠰᠴᠤ ᠰᠠᠭᠤᠳᠠᠯ ᠬᠠᠢᠷᠠᠯᠠᠨ ᠢᠳᠡᠭᠡᠨ ᠬᠡᠰᠢᠭᠯᠡᠪᠡᠢ᠃ ᠲᠠᠷᠠᠭ᠎ᠠ ᠨᠢ ᠡᠵᠡᠨ ︽ ᠠᠷᠰᠢ ᠶᠢᠨ ᠪᠡᠶ᠎ᠡ ᠠᠯᠤᠰ ᠠᠴᠠ ᠢᠷᠡᠭᠡᠳ ᠶᠠᠮᠠᠷ ᠤᠷᠲᠤ ᠨᠠᠰᠤᠯᠠᠬᠤ ᠡᠮ ᠢᠶᠡᠷ ᠮᠡᠬᠦᠰ ᠬᠦᠮᠤᠨ ᠢ ᠲᠤᠰᠠᠯᠠᠮᠤᠢ︖︾ ᠬᠡᠮᠡᠨ ᠠᠰᠠᠭᠤᠬᠤᠢ ᠳ᠋ᠤᠷ ᠪᠠᠭᠰᠢ ᠦᠭᠦᠯᠡᠷᠦᠨ ︽ ᠠᠮᠢ ᠨᠠᠰᠤᠨ ᠢ ᠬᠠᠮᠠᠭᠠᠯᠠᠬᠤ ᠶᠣᠰᠤᠨ ᠪᠤᠢ᠂ ᠤᠷᠲᠤ ᠨᠠᠰᠤᠯᠠᠭᠤᠯᠬᠤ ᠡᠮ ᠦᠭᠡᠢ ᠪᠤᠯᠠᠢ︾ ᠬᠡᠮᠡᠪᠡ᠃ ᠡᠵᠡᠨ ᠲᠡᠭᠦᠨ ᠦ ᠦᠨᠡᠨᠴᠢ ᠶᠢ ᠰᠠᠢᠰᠢᠶᠠᠨ ᠡᠵᠡᠨ ᠦ ᠴᠡᠴᠡᠷ ᠦᠨ ᠵᠡᠭᠦᠨ ᠳ᠋ᠤᠷ ᠬᠣᠶᠠᠷ ᠮᠠᠢᠬᠠᠨ ᠪᠤᠰᠬᠠᠨ ᠰᠠᠭᠤᠯᠭᠠᠪᠠᠢ ︵ ᠵᠡᠭᠦᠯᠲᠡ 9︶᠃
ᠪᠣᠯᠣᠭᠰᠠᠨ ᠶᠠᠪᠤᠳᠠᠯ ᠢ ᠬᠠᠷ᠎ᠠ ᠦᠭᠡ ᠪᠡᠷ ᠬᠡᠯᠡᠪᠡᠯ᠂ ᠴᠢᠩᠭᠢᠰ ᠬᠠᠭᠠᠨ ᠵᠢᠯ ᠶᠠᠪᠤᠵᠤ ᠢᠷᠡᠭᠰᠡᠨ ᠬᠤᠯᠠ ᠶᠢᠨ ᠵᠣᠴᠢᠨ ᠳᠠᠭᠠᠨ ᠰᠠᠭᠤᠳᠠᠯ ᠬᠠᠢᠷᠠᠯᠠᠨ ᠴᠠᠢ ᠣᠰᠤ ᠥᠭᠴᠦ ᠭᠡᠷ ᠦᠨ ᠡᠵᠡᠨ ᠦ ᠶᠣᠰᠤ ᠪᠠᠨ ᠭᠦᠢᠴᠡᠭᠡᠮᠡᠭᠴᠡ ︽ ᠤᠷᠳᠤ ᠨᠠᠰᠤᠯᠠᠭᠤᠯᠬᠤ ᠡᠮ ᠭᠡᠵᠤ ᠪᠠᠢᠳᠠᠭ ᠶᠤᠮ ᠦᠦ︖ ︾ ᠭᠡᠵᠤ ᠰᠢᠭᠤᠳ ︽ ᠭᠣᠣᠯ ᠰᠡᠳᠤᠪ︾ ᠲᠡᠬᠡᠨ ᠣᠷᠣᠵᠠᠢ᠃ ᠡᠨᠡ ᠨᠢ ᠬᠦᠭᠰᠢᠨ ᠪᠣᠮᠪᠣ ᠶᠢ ᠭᠠᠵᠠᠷ ᠤᠨ ᠬᠣᠯᠠ ᠠᠴᠠ ᠳᠠᠭᠤᠳᠠᠨ ᠠᠪᠴᠢᠷᠠᠭᠰᠠᠨ ᠤ ᠭᠠᠭᠴᠠ ᠵᠣᠷᠢᠯᠲᠠ ᠨᠢ ᠪᠠᠢᠭᠰᠠᠨ ᠪᠣᠯᠬᠣᠷ ᠲᠡᠷᠡ᠃ ᠵᠠᠯᠭᠠᠭᠠᠳ ᠴᠢᠩᠭᠢᠰ ᠬᠠᠭᠠᠨ ᠤ ᠣᠷᠴᠢᠭᠤᠯᠤᠭᠴᠢ ︽ ᠪᠠᠭᠰᠢ ᠶᠢ ᠲᠡᠭᠷᠢ ᠯᠣᠭ᠎ᠠ ᠠᠳᠠᠯᠢ ᠮᠦᠩᠭᠡ ᠬᠦᠮᠤᠨ ᠬᠡᠮᠡᠨ ᠳᠠᠭᠤᠳᠠᠬᠤ ᠢᠨᠤ ᠦᠪᠡᠷ ᠢᠶᠡᠨ ᠨᠡᠷᠡᠯᠡᠭᠰᠡᠨ ᠦᠦ ᠪᠣᠰᠣᠳ ᠠᠴᠠ ᠡᠢᠨ ᠬᠦ ᠲᠠᠭᠤᠳᠠᠭᠰᠠᠨ ᠦᠦ︖︾ ᠭᠡᠵᠤ ᠠᠰᠠᠭᠤᠭᠰᠠᠨ ᠨᠢ ᠪᠠᠰᠠ ᠯᠡ ᠤᠷᠲᠤ ᠨᠠᠰᠤᠯᠠᠬᠤ ᠰᠡᠳᠤᠪ ᠡᠴᠡ ᠰᠠᠯᠤᠭ᠎ᠠ ᠦᠭᠡᠢ ᠶᠤᠮ᠃ ᠪᠢᠳᠡ ᠳᠥᠷᠪᠡᠭᠦᠯᠡ ᠨᠢᠭᠡ ᠪᠠᠭᠰᠢ ᠳᠦ ᠱᠠᠪᠢ ᠣᠷᠣᠭᠠᠳ ᠭᠤᠷᠪᠠ ᠨᠢ ᠬᠠᠯᠢᠵᠤ ᠪᠢ ᠭᠠᠬᠴᠠᠭᠠᠷ ᠦᠯᠡᠳᠡᠭᠰᠡᠨ ᠲᠤᠯᠠ ᠬᠦᠮᠤᠰ ᠢᠩᠭᠢᠵᠤ ᠳᠠᠭᠤᠳᠠᠬᠤ ᠪᠣᠯᠣᠭᠰᠠᠨ ᠭᠡᠵᠤ ᠪᠣᠮᠪᠣ ᠲᠠᠢᠯᠪᠤᠷᠢᠯᠠᠵᠠᠢ᠃ ᠵᠠᠯᠭᠠᠭᠠᠳ ᠴᠢᠩᠭᠢᠰ ᠬᠠᠭᠠᠨ ᠠᠯᠳᠠᠢ ᠶᠢᠨ ᠨᠢᠷᠤᠭᠤᠨ ᠠᠴᠠ ᠡᠬᠢᠯᠡᠨ ᠪᠣᠮᠪᠣ ᠶᠢ ᠬᠠᠮᠠᠭᠠᠯᠠᠨ ᠶᠠᠪᠤᠭᠰᠠᠨ ᠲᠦᠰᠢᠮᠡᠯ ᠴᠢᠩᠬᠠᠢ ᠡᠴᠡ ︽ ᠪᠣᠮᠪᠣ ᠳᠤ ᠶᠠᠮᠠᠷ ᠴᠣᠯᠠ ᠡᠷᠭᠦᠮᠵᠢᠯᠡᠪᠡᠯ ᠵᠣᠬᠢᠬᠤ ᠪᠣᠢ︖︾ ᠭᠡᠵᠤ ᠠᠰᠠᠭᠤᠭᠠᠳ ᠲᠦᠰᠢᠮᠡᠯ ᠦᠨ ᠢᠶᠡᠨ ᠰᠠᠨᠠᠯ ᠪᠣᠯᠭᠠᠬᠰᠠᠨ ᠶᠣᠰᠤᠭᠠᠷ ︽ᠳᠡᠭᠡᠳᠤ ᠠᠷᠰᠢ ᠬᠡᠮᠡᠨ ᠲᠠᠭᠤᠳᠠᠰᠤᠭᠠᠢ︾ ︵ ᠵᠡᠭᠦᠯᠲᠡ 10︶ ᠭᠡᠵᠤ ᠵᠠᠷᠯᠢᠭ ᠪᠣᠯᠣᠭᠠᠳ ᠠᠭᠤᠯᠵᠠᠯᠲᠠ ᠦᠨᠳᠦᠷᠯᠡᠵᠡᠢ᠃
ᠴᠢᠩᠭᠢᠰ ᠬᠠᠭᠠᠨ ᠲᠦᠷᠤ ᠤᠯᠤᠰ᠂ ᠴᠡᠷᠢᠭ ᠲᠠᠢᠨ ᠤ ᠲᠠᠯ᠎ᠠ ᠪᠡᠷ ᠨᠢᠭᠡ ᠦᠭᠡ ᠴᠦ ᠳᠤᠷᠠᠳᠤᠭᠰᠠᠨ ᠦᠭᠡᠢ ᠶᠤᠮ᠃
ᠬᠣᠶᠠᠳᠠᠭᠢ ᠠᠭᠤᠯᠵᠠᠯᠲᠠ ᠪᠠᠨ 4 ᠳ᠋ᠤᠭᠡᠷ ᠰᠠᠷ᠎ᠠ ᠶᠢᠨ 14 ᠳᠦ ᠭᠡᠵᠤ ᠲᠣᠪᠯᠠᠭᠰᠠᠨ ᠪᠣᠯᠪᠠᠴᠤ ᠴᠢᠩᠭᠢᠰ ᠬᠠᠭᠠᠨ ᠪᠡᠶ᠎ᠡ ᠪᠡᠷ ᠲᠠᠢᠨ ᠳᠤ ᠮᠣᠷᠳᠠᠬᠤ ᠪᠣᠯᠣᠭᠰᠠᠨ ᠲᠤᠯᠠ ᠪᠦᠲᠦᠨ 6 ᠰᠠᠷ᠎ᠠ ᠬᠣᠢᠰᠢᠯᠠᠭᠤᠯᠵᠤ ᠠᠷᠪᠠᠳᠤᠭᠠᠷ ᠰᠠᠷ᠎ᠠ ᠳᠤ ᠪᠣᠯᠭᠠᠨ ᠥᠭᠡᠷᠡᠴᠢᠯᠡᠭᠰᠡᠨ ᠡᠴᠡ ᠡᠪᠤᠭᠡᠨ ᠪᠤᠮᠪᠤ ︽ ᠡᠯᠵᠢᠭᠡ ᠶᠢ ᠲᠠᠰᠢᠭᠤᠷᠳᠠᠨ︾ ︵ ᠵᠡᠭᠦᠯᠲᠡ 12︶ ᠰᠠᠮᠠᠷᠺᠠᠨᠲ ᠳᠤ ᠪᠤᠴᠠᠵᠠᠢ᠃ ᠤᠳᠠᠭᠠᠨ ᠬᠦᠯᠢᠶᠡᠯᠭᠡᠵᠤ ᠠᠭᠤᠯᠵᠠᠭᠰᠠᠨ ᠬᠣᠶᠠᠳᠠᠭᠢ ᠠᠭᠤᠯᠵᠠᠯᠲᠠ ᠨᠢ ᠢᠳᠡᠭᠡ ᠶᠠᠳᠠᠮ᠎ᠠ ᠳᠥᠭᠦᠮ᠂ ᠯᠢ ᡁᠢ ᠴᠠᠩ ᠤᠨ ᠲᠡᠮᠳᠡᠭᠯᠡᠯ ᠵᠤᠷᠢᠭᠤᠳᠠ ᠣᠷᠬᠢᠭᠰᠠᠨ ᠪᠢᠰᠢ ᠪᠣᠯ ︽ ᠲᠡᠷᠡ ᠰᠦᠨᠢ ᠠᠭᠤᠯᠵᠠᠨ ᠪᠢᠰᠢᠯᠠᠭ ᠬᠦᠷᠲᠡᠵᠦ ᠪᠠᠷᠠᠭᠠᠳ ᠭᠠᠷᠴᠤ ᠢᠷᠡᠪᠡᠢ︾ ︵ ᠵᠡᠭᠦᠯᠲᠡ 13︶ ᠭᠡᠰᠡᠨ ᠨᠢᠭᠡ ᠯᠡ ᠦᠭᠦᠯᠡᠪᠤᠷᠢ ᠪᠡᠷ ᠪᠢᠴᠢᠵᠠᠢ᠃
ᠤᠳᠠᠯ ᠦᠭᠡᠢ ᠪᠣᠯᠣᠭᠰᠠᠨ ᠭᠤᠷᠪᠠ ᠳ᠋ᠡᠬᠢ ᠠᠭᠤᠯᠵᠠᠯᠲᠠ ᠨᠢ ᠠᠷᠠᠢ ᠠᠯᠪᠠᠨ ᠶᠣᠰᠤᠨ ᠤ ᠰᠢᠨᠵᠢ ᠲᠠᠢ᠂ ︽ ᠡᠵᠡᠨ ᠲᠠᠬᠢᠯ ᠤᠨ ᠣᠷᠳᠤᠨ ᠪᠡᠯᠡᠳᠭᠡᠵᠤ ᠵᠠᠷᠤᠴᠠ ᠦᠬᠢᠳ ᠢ ᠴᠦᠮ ᠵᠠᠢᠯᠠᠭᠤᠯᠵᠤ ᠵᠡᠭᠦᠨ ᠪᠠᠷᠠᠭᠤᠨ ᠳ᠋ᠣᠷ ᠳ᠋ᠧᠩ ᠵᠤᠯᠠ ᠠᠰᠠᠭᠠᠵᠤ ᠭᠠᠭᠴᠠ ᠴᠠᠷᠪᠢ ᠴᠢᠩᠬᠠᠢ ᠶᠢ ᠦᠯᠡᠳᠡᠭᠡᠪᠡᠢ᠌ ᠁ ᠪᠠᠭᠰᠢ ᠰᠤᠷᠭᠠᠯ ᠲᠠᠢᠯᠠᠬᠤᠢ ᠳ᠋ᠤᠷ ᠲᠠᠢᠱᠢ ᠠᠬᠠᠢ ᠶᠢ ᠵᠠᠷᠯᠠᠵᠤ ᠮᠣᠩᠭᠣᠯ ᠬᠡᠯᠡᠨ ᠳ᠋ᠤᠷ ᠣᠷᠴᠢᠭᠤᠯᠤᠨ ᠠᠢᠯᠠᠳᠬᠠᠪᠠᠰᠤ ᠡᠵᠡᠨ ᠦ ᠰᠠᠨᠠᠭᠠᠨ ᠳ᠋ᠤᠷ ᠮᠠᠰᠢ ᠨᠡᠢᠴᠡᠪᠡ︾ ︵ ᠵᠡᠭᠦᠯᠲᠡ 14︶ ᠭᠡᠵᠡᠢ᠃
ᠳᠥᠷᠪᠡ ᠳᠡᠬᠢ ᠨᠢ ︽ ᠠᠷᠪᠠᠨ ᠶᠢᠰᠤᠨ ᠤ ᠰᠦᠨᠢ ᠲᠤᠩᠭᠠᠯᠠᠭ᠃ ᠪᠠᠭᠰᠢ ᠶᠢ ᠲᠠᠬᠢᠨ ᠤᠷᠢᠵᠤ ᠰᠤᠷᠭᠠᠯ ᠲᠠᠢᠯᠪᠤᠷᠢᠯᠠᠭᠤᠯᠤᠭᠰᠠᠨᠠ ᠡᠵᠡᠨ ᠶᠡᠬᠡᠳᠡ ᠪᠠᠶᠠᠰᠪᠠᠢ︾ ︵ ᠵᠡᠭᠦᠯᠲᠡ 15︶᠃
ᠲᠠᠪᠤ ᠳ᠋ᠡᠬᠢ ᠨᠢ᠂ ︽ ᠬᠤᠷᠢᠨ ᠭᠤᠷᠪᠠᠨ ᠤ ᠡᠳᠤᠷ ᠪᠠᠭᠰᠢ ᠶᠢ ᠲᠠᠬᠢᠨ ᠲᠠᠭᠤᠳᠠᠵᠤ ᠣᠷᠣᠭᠤᠯᠪᠠᠢ᠃ ᠬᠥᠨᠳᠦᠳᠭᠡᠯ ᠶᠤᠰᠤᠯᠠᠯ ᠮᠦᠨ ᠬᠡᠪ ᠢᠶᠡᠷ ᠪᠦᠭᠡᠳ ᠡᠵᠡᠨ ᠦ ᠪᠡᠶ᠎ᠡ ᠡᠶᠡᠯᠰᠡᠭ ᠬᠢᠴᠢᠶᠡᠩᠭᠦᠢ ᠪᠡᠷ ᠰᠤᠷᠭᠠᠯ ᠢ ᠰᠣᠨᠣᠰᠴᠤ ᠪᠠᠰᠠ ᠲᠡᠮᠳᠡᠭᠯᠡᠭᠦᠯᠪᠡᠢ᠃ ᠡᠵᠡᠨ ᠵᠡᠭᠦᠨ ᠪᠠᠷᠠᠭᠤᠨ ᠳ᠋ᠤᠷ ᠪᠡᠷ᠎ᠡ ᠪᠣᠯᠣᠭᠰᠠᠳ ᠲᠣᠷ ᠵᠠᠬᠢᠭᠰᠠᠨ ᠠᠨᠤ᠂ ᠳᠡᠭᠡᠳᠤ ᠠᠷᠰᠢ ᠶᠢᠨ ᠠᠮᠢ ᠨᠠᠰᠣᠨ ᠢ ᠤᠷᠲᠤᠳᠬᠠᠬᠤ ᠶᠣᠰᠣᠨ ᠢ ᠭᠤᠷᠪᠠᠨᠳᠠ ᠦᠭᠦᠯᠡᠭᠰᠡᠨ ᠢᠨᠤ ᠮᠢᠨᠤ ᠰᠡᠳᠬᠢᠯ ᠳ᠋ᠤᠷ ᠭᠦᠨ᠎ᠡ ᠲᠣᠬᠳᠠᠪᠠᠢ᠃ ᠭᠠᠳᠠᠭᠰᠢ ᠵᠠᠳᠠᠷᠠᠭᠤᠯᠵᠤ ᠪᠣᠰᠣᠳ ᠲᠣᠷ ᠮᠡᠳᠡᠭᠦᠯᠵᠤ ᠦᠯᠤ ᠪᠣᠯᠣᠮᠤᠢ ᠬᠡᠮᠡᠪᠡᠢ︾ ︵ ᠵᠡᠭᠦᠯᠲᠡ 16︶᠃
ᠴᠢᠩᠭᠢᠰ ᠬᠠᠭᠠᠨ ᠬᠢᠭᠡᠳ ᠴᠠᠩᠴᠦ᠋ᠨ ᠪᠣᠮᠪᠣ ᠬᠣᠶᠠᠷ ᠤᠨ ᠠᠯᠪᠠᠨ ᠶᠣᠰᠣᠨ ᠤ ᠠᠭᠤᠯᠵᠠᠯᠲᠠ ᠭᠡᠪᠡᠯ ᠤᠭ ᠠᠴᠠ ᠪᠠᠨ ᠡᠢᠮᠤ ᠯᠠ ᠲᠠᠪᠤ ᠤᠳᠠᠭ᠎ᠠ᠃ ᠡᠨᠳᠡ ᠲᠠᠪᠲᠠᠨ ᠭᠠᠷᠴᠤ ᠪᠠᠢᠭ᠎ᠠ ︽ ᠰᠤᠷᠭᠠᠯ︾ ᠭᠡᠳᠡᠭ ᠨᠢ ᠪᠣᠮᠪᠣ ᠶᠢᠨ ᠰᠤᠷᠳᠠᠬᠤᠨ ᠤ ᠰᠤᠷᠭᠠᠯ ᠨᠣᠮ ᠢ ᠵᠢᠭᠠᠵᠤ ᠪᠠᠢᠨ᠎ᠠ ᠭᠡᠳᠡᠭ ᠳᠡᠩᠳᠡᠭᠦᠤ ᠣᠢᠯᠠᠭᠠᠮᠵᠢᠲᠠᠢ᠃
ᠲᠠᠪᠤ ᠤᠳᠠᠭᠠᠨ ᠤ ᠠᠭᠤᠯᠵᠠᠯᠲᠠ ᠳᠤ ᠴᠡᠷᠢᠭ ᠳᠠᠢᠨ᠂ ᠤᠯᠤᠰ ᠲᠦᠷᠤ ᠶᠢᠨ ᠠᠭᠤᠯᠭ᠎ᠠ ᠶᠢ ᠬᠡᠨ ᠨᠢ ᠴᠦ ᠬᠦᠨᠳᠡᠭᠰᠡᠨ ᠦᠭᠡᠢ ᠶᠤᠮ᠃
ᠴᠠᠩᠴᠦ᠋ᠨ ᠪᠣᠮᠪᠣ ᠶᠢ ᠬᠦᠷᠴᠤ ᠣᠴᠢᠬᠤ ᠳᠤ ᠴᠢᠩᠭᠢᠰ ᠬᠠᠭᠠᠨ ᠤ ᠰᠠᠷᠲᠠᠭᠤᠯ ᠳᠤ ᠬᠢᠭᠰᠡᠨ ᠠᠶᠠᠨ ᠲᠠᠢᠨ ᠤ ᠭᠣᠣᠯ ᠭᠣᠣᠯ ᠲᠤᠯᠤᠯᠳᠤᠭᠠᠨ ᠢᠯᠠᠯᠲᠠ ᠲᠠᠢ ᠲᠠᠭᠣᠰᠴᠤ ︵ ᠵᠠᠪᠠ᠂ ᠰᠦᠪᠡᠭᠡᠳᠡᠢ ᠬᠣᠶᠠᠷ ᠤᠨ ᠭᠢᠪᠴᠠᠭ᠂ ᠣᠷᠣᠰ᠂ ᠪᠣᠯᠭᠠᠷᠢᠶ᠎ᠠ ᠳ᠋ᠥ ᠬᠢᠭᠰᠡᠨ ᠲᠠᠢᠨ ᠢᠳᠡ ᠶᠠᠪᠤᠭᠳᠠᠵᠤ ᠪᠠᠢᠯ᠎ᠠ︶ ᠨᠤᠲᠤᠭ ᠤᠨ ᠵᠦᠭ ᠵᠢᠯᠤᠭᠣ ᠵᠠᠯᠠᠬᠤ ᠱᠠᠳᠤᠨ ᠳᠤ ᠣᠷᠣᠭᠠᠳ ᠪᠠᠢᠵᠠᠢ᠃ ᠲᠠᠷᠠᠭ᠎ᠠ ᠵᠢᠯ ᠨᠢ ᠪᠤᠶᠤ 1223 ᠣᠨ ᠤ ᠬᠠᠪᠤᠷ ᠶᠡᠬᠡ ᠡᠵᠡᠨ ᠦ ᠠᠯᠳᠠᠨ ᠵᠢᠯᠤᠭᠣ ᠠᠹᠭᠠᠨᠢᠰᠲ᠋ᠠᠨ ᠠᠴᠠ ᠰᠠᠮᠠᠷᠺᠠᠨᠲ ᠢ ᠲᠠᠭᠠᠷᠢᠨ ᠲᠤᠷᠤᠨ᠎ᠠ ᠲᠡᠰᠢ ᠠᠶᠠᠷᠬᠠᠨ ᠬᠦᠳᠡᠯᠵᠤ ᠪᠠᠢᠪᠠ᠃ ᠡᠨᠡ ᠬᠣᠭᠣᠷᠣᠨᠳᠤ ᠴᠠᠩᠴᠦ᠋ᠨ ᠪᠣᠮᠪᠣ ᠬᠠᠶᠠ ᠨᠢᠭᠡ ᠴᠢᠩᠭᠢᠰ ᠬᠠᠭᠠᠨ ᠲᠠᠢ ᠠᠭᠤᠯᠵᠠᠵᠤ ᠤᠴᠠᠷᠠᠵᠤ ᠪᠠᠢᠭᠰᠠᠨ ᠢ ᠯᠢ ᡁᠢ ᠴᠠᠩ ︽ ᠡᠵᠡᠨ ᠢ ᠲᠠᠭᠠᠯᠳᠤᠨ ᠵᠡᠭᠦᠨᠰᠢ ᠣᠴᠢᠵᠤ ᠪᠠᠢᠨ ᠪᠠᠢᠨ ᠪᠣᠮᠪᠣ ᠶᠢᠨ ᠶᠤᠰᠤᠨ ᠢ ᠦᠭᠦᠯᠡᠮᠤᠢ︾ ︵ ᠵᠡᠭᠦᠯᠲᠡ 18︶ ᠭᠡᠵᠤ ᠲᠡᠮᠳᠡᠭᠯᠡᠵᠡᠢ᠃ ᠪᠠᠢᠨ ᠪᠠᠢᠨ ᠭᠡᠳᠡᠭ ᠨᠢ ᠴᠣᠬᠣᠮ ᠬᠡᠳᠤ ᠤᠳᠠᠭ᠎ᠠ ᠪᠣᠯᠬᠣ ᠨᠢ ᠲᠤᠳᠤ ᠦᠭᠡᠢ ᠪᠣᠯᠪᠠᠴᠤ ᠲᠡᠳᠡᠨ ᠦ ᠬᠤᠭᠤᠷᠤᠨᠳᠤ ᠪᠣᠮᠪᠣ ᠶᠢᠨ ᠰᠤᠷᠳᠠᠬᠤᠨ ᠯᠡ ᠶᠠᠷᠢᠯᠴᠠᠭᠠᠨ ᠤ ᠰᠡᠳᠤᠪ ᠪᠠᠢᠭᠰᠠᠨ ᠢ ᠲᠠᠬᠢᠨᠲᠠ ᠲᠣᠳᠤ ᠭᠡᠷᠡᠴᠢᠯᠡᠵᠤ ᠪᠠᠢᠨ᠎ᠠ᠃
ᠬᠣᠶᠠᠳᠤᠭᠠᠷ ᠰᠠᠷ᠎ᠠ ᠳᠤ ᠴᠠᠩᠴᠦ᠋ᠨ ᠪᠣᠮᠪᠣ ︽ ᠠᠭᠤᠢ ᠳᠠᠭᠠᠨ ᠡᠭᠡᠬᠦ ︾ ᠶᠢ ᠴᠢᠩᠭᠢᠰ ᠬᠠᠭᠠᠨ ᠳᠤ ᠭᠤᠶᠤᠴᠢᠯᠠᠵᠠᠢ᠃ ︽ ᠡᠵᠡᠨ ᠦᠭᠦᠯᠡᠷᠤᠨ᠂ ᠮᠢᠨᠤ ᠪᠡᠶ᠎ᠡ ᠪᠠᠰᠠ ᠲᠤᠷᠣᠨᠡᠰᠢ ᠡᠴᠢᠮᠤᠢ᠂ ᠬᠠᠮᠲᠤ ᠶᠠᠪᠤᠪᠠᠰᠤ ᠶᠠᠮᠠᠷ ᠬᠡᠮᠡᠭᠰᠡᠨ᠎ᠡ ᠪᠠᠭᠰᠢ ᠦᠴᠢᠭᠰᠡᠨ ᠢᠨᠤ᠂ ᠤᠷᠢᠳ ᠢᠶᠠᠷ ᠪᠤᠴᠠᠪᠠᠰᠤ ᠰᠠᠢᠨ ᠪᠤᠯᠠᠢ ᠁ ᠡᠳᠤᠭᠡ ᠡᠵᠡᠨ ᠦ ᠠᠰᠠᠭᠤᠵᠤ ᠡᠷᠢᠭᠰᠡᠨ ᠢ ᠠᠢᠯᠠᠳᠬᠠᠨ ᠲᠡᠭᠦᠰᠪᠡᠢ᠃ ᠡᠢᠨ ᠬᠦ ᠭᠤᠶᠣᠴᠢᠯᠠᠮᠤᠢ ᠬᠡᠮᠡᠪᠡᠢ︾ ︵ ᠵᠡᠭᠦᠯᠲᠡ 17︶᠃ ᠴᠢᠩᠭᠢᠰ ᠬᠠᠭᠠᠨ ᠭᠤᠶᠤᠭᠰᠠᠨ ᠢᠶᠠᠷ ᠪᠣᠯᠭᠠᠭᠰᠠᠨ᠎ᠠ ᠬᠦᠭᠰᠢᠨ ᠪᠣᠮᠪᠣ ᠠᠬᠢᠨ ᠨᠢᠭᠡ ᠵᠢᠯ ᠤᠨ ᠴᠠᠭ ᠵᠠᠷᠤᠴᠠᠭᠤᠯᠤᠨ ᠪᠠᠢᠵᠤ ᠣᠳᠣ ᠶᠢᠨ ᠬᠦᠬᠡᠬᠣᠲᠠ ᠪᠡᠷ ᠲᠠᠭᠠᠷᠢᠨ ᠠᠯᠲᠠᠨ ᠤᠯᠤᠰ ᠲᠠᠭᠠᠨ ᠪᠤᠴᠠᠵᠤ ᠬᠠᠷᠢᠵᠠᠢ᠃ ᠬᠠᠷᠢᠨ ᠲᠠᠢᠰᠤᠨ ᠢᠶᠠᠨ ᠲᠠᠷᠤᠵᠤ ᠳᠠᠷᠬᠠᠨ ᠴᠣᠯᠠ ᠪᠠᠨ ᠮᠠᠨᠳᠤᠭᠤᠯᠤᠭᠰᠠᠨ ᠴᠢᠩᠭᠢᠰ ᠬᠠᠭᠠᠨ ᠶᠡᠬᠡ ᠨᠠᠢᠷ ᠪᠠᠵᠠᠭᠠᠵᠤ ᠢᠯᠠᠯᠳᠠ ᠪᠠᠨ ᠪᠡᠯᠭᠡᠯᠡᠨ ᠲᠠᠭᠠᠯᠠᠭᠳᠠᠭᠰᠠᠨ ᠭᠠᠵᠠᠷ ᠢᠶᠠᠨ ᠵᠤᠰᠠᠵᠤ᠂ ᠠᠪᠠ ᠲᠠᠯᠪᠢᠨ᠂ ᠰᠠᠯᠤᠭᠠᠳ ᠲᠦᠷᠪᠡᠨ ᠵᠢᠯ ᠪᠣᠯᠣᠭᠰᠠᠨ ᠮᠣᠩᠭᠤᠯ ᠨᠤᠲᠤᠭ ᠤᠨ ᠢᠶᠠᠨ ᠵᠦᠭ ᠶᠠᠭᠠᠷᠠᠮᠠ ᠦᠭᠡᠢ ᠣᠢᠷᠠᠳᠤᠭᠰᠠᠭᠠᠷ ᠬᠣᠶᠠᠷ ᠵᠢᠯ ᠦᠨ ᠨᠢᠭᠤᠷ ᠦᠵᠡᠵᠤ ᠲᠤᠤᠯᠠ ᠶᠢᠨ ᠬᠠᠷ᠎ᠠ ᠲᠦᠨ ᠳᠡᠬᠢ ᠶᠡᠬᠡ ᠣᠷᠳᠣᠨ ᠳᠠᠭᠠᠨ ᠪᠤᠴᠠᠵᠤ ᠢᠷᠡᠭᠰᠡᠨ ᠪᠠᠢᠳᠠᠭ᠃ ᠡᠭᠦᠨ ᠢ ᠬᠢᠲᠠᠳ ᠤᠳ ︽ ᠲᠡᠮᠤᠵᠢᠨ ᠭᠤᠸᠠᠢ ᠴᠠᠩ ᠪᠠᠭᠰᠢ ᠶᠢᠨ ᠢᠶᠠᠨ ᠰᠤᠷᠭᠠᠯ ᠢ ᠰᠣᠨᠣᠰᠴᠤ ᠲᠣᠮᠣᠭ᠎ᠠ ᠣᠷᠣᠭᠠᠳ ᠠᠯᠠᠵᠤ ᠬᠢᠳᠤᠬᠤ ᠪᠠᠨ ᠪᠣᠯᠢᠵᠤ ᠭᠡᠷ ᠲᠡᠭᠡᠨ ᠬᠠᠷᠢᠭᠰᠠᠨ︾ ᠪᠣᠯᠭᠠᠨ ᠪᠢᠴᠢᠵᠤ ᠪᠠᠢᠨ᠎ᠠ᠃ ᠦᠨᠡᠨ ᠳᠡᠬᠡᠨ ᠴᠢᠩᠭᠢᠰ ᠬᠠᠭᠠᠨ ᠲᠤᠮᠳᠠᠳᠤ ᠠᠽᠢᠶ᠎ᠠ ᠡᠴᠡ ᠪᠤᠴᠠᠵᠤ ᠢᠷᠡᠭᠰᠡᠨ ᠨᠢ ᠭᠣᠣᠯ ᠦᠰᠢᠶᠡᠲᠡᠨ ᠠᠯᠲᠠᠨ ᠤᠯᠤᠰ ᠪᠣᠯᠤᠨ ᠤᠷᠪᠠᠭᠠᠨ ᠬᠦᠷᠪᠡᠭᠡᠨ ᠲᠠᠢ ᠲᠠᠩᠭᠤᠳ ᠢ ᠡᠴᠤᠰᠯᠠᠨ ᠰᠦᠨᠦᠭᠡᠬᠦ ᠰᠲᠷᠠᠲᠸᠭᠢ ᠤᠨ ᠠᠯᠬᠤᠮ ᠪᠠᠢᠭᠰᠠᠨ ᠢ ᠮᠣᠩᠭᠤᠯ ᠣᠷᠣᠨ ᠳᠠᠭᠠᠨ ᠵᠤᠨ ᠢ ᠦᠩᠭᠡᠷᠡᠭᠦᠯᠦᠮᠡᠭᠴᠡ ᠨᠠᠮᠤᠷ ᠨᠢ ᠠᠬᠢᠨ ᠶᠡᠬᠡ ᠴᠡᠷᠢᠭ ᠠᠪᠴᠤ ᠲᠠᠩᠭᠤᠳ ᠢ ᠳᠠᠢᠯᠠᠷ᠎ᠠ ᠮᠣᠷᠳᠠᠭᠰᠠᠨ ᠶᠠᠪᠤᠳᠠᠯ ᠭᠡᠷᠡᠴᠢᠯᠡᠵᠤ ᠪᠠᠢᠨ᠎ᠠ᠃ ᠲᠡᠭᠡᠭᠡᠳ ᠲᠠᠩᠭᠤᠳ ᠢ ᠮᠦᠬᠦᠭᠡᠵᠤ ᠲᠠᠭᠠᠤ ᠳᠤ ᠨᠢ ᠠᠯᠲᠠᠨ ᠤᠯᠤᠰ ᠤᠨ ᠬᠠᠲᠤᠨ ᠭᠤᠤᠯ ᠬᠠᠪᠢ ᠶᠢᠨ ᠨᠤᠲᠤᠭ ᠢ ᠡᠵᠡᠯᠡᠭᠡᠳ ᠠᠯᠲᠠᠨ ᠤᠯᠤᠰ ᠢ ᠰᠦᠨᠦᠭᠡᠬᠦ ᠪᠣᠳᠣᠯᠭ᠎ᠠ᠂ ᠲᠣᠳᠣᠷᠬᠠᠢ ᠲᠦᠰᠦᠯ ᠢ ᠭᠡᠷᠢᠶᠡᠰᠤᠯᠠᠵᠤ᠂ ᠲᠡᠭᠷᠢ ᠳ᠋ᠥ ᠡᠭᠡᠭᠰᠡᠨ ᠪᠢᠯᠡ᠃
ᠯᠢ ᡁᠢ ᠴᠠᠩ ᠤᠨ ᠲᠡᠮᠳᠡᠭᠯᠡᠯ ᠨᠢ ᠠᠶᠠᠨ ᠵᠠᠮ ᠤᠨ ᠰᠤᠨᠢᠨ ᠰᠠᠢᠬᠠᠨ ᠬᠢᠭᠡᠳ ᠰᠢᠯᠦᠭᠯᠡᠬᠦ ᠳᠤᠷᠠᠲᠠᠢ ᠪᠠᠭᠰᠢ ᠶᠢᠨ ᠢᠶᠡᠨ ᠢᠷᠠᠭᠤ ᠨᠠᠢᠷᠠᠭ ᠲᠦ ᠶᠡᠬᠡᠬᠡᠨ ᠬᠠᠭᠤᠳᠠᠰᠤ ᠪᠠᠨ ᠡᠵᠡᠯᠡᠭᠦᠯᠵᠠᠢ᠃ ᠶᠠᠭ ᠡᠢᠮᠤ ᠪᠣᠯᠬᠣᠷ ᠴᠠᠩᠴᠦ᠋ᠨ ᠪᠣᠮᠪᠣ ᠶᠢᠨ ᠲᠦᠷᠤ ᠶᠢ ᠵᠠᠰᠠᠬᠤ ᠤᠬᠠᠭᠠᠨ ᠢ ᠠᠢᠯᠠᠳᠤᠭᠰᠠᠨ᠂ ᠴᠢᠩᠭᠢᠰ ᠬᠠᠭᠠᠨ ᠳᠦ ᠠᠯᠠᠵᠤ ᠬᠢᠲᠤᠬᠤ ᠪᠠᠨ ᠪᠠᠭᠠᠰᠬᠠᠬᠤ ᠶᠢ ᠢᠳᠬᠠᠬᠰᠠᠨ ᠠᠭᠤᠯᠭ᠎ᠠ ᠶᠢ ᠰᠠᠨᠠᠭ᠎ᠠ ᠲᠠᠢ ᠰᠠᠨᠠᠭ᠎ᠠ ᠦᠭᠡᠢ ᠣᠷᠬᠢᠭᠳᠠᠭᠤᠯᠤᠭᠰᠠᠨ ᠪᠠᠢᠬ᠎ᠠ ᠭᠡᠰᠡᠨ ᠲᠠᠭᠠᠮᠠᠭ ᠤᠩᠰᠢᠭᠴᠢᠳ ᠲᠤ ᠲᠦᠷᠦᠵᠤ ᠮᠠᠭᠠᠳ ᠦᠭᠡᠢ᠃ ᠴᠠᠩᠴᠦ᠋ᠨ ᠪᠣᠮᠪᠣ ᠶᠢ ᠰᠣᠳᠣᠯᠣᠭᠰᠠᠨ ᠬᠢᠲᠠᠳ ᠲᠡᠤᠬᠡᠴᠢᠤᠨ ︽ᠴᠢᠩᠭᠢᠰ ᠬᠠᠭᠠᠨ ᠭᠠᠳᠠᠭᠰᠢ ᠵᠠᠳᠠᠷᠠᠭᠤᠯᠵᠤ ᠪᠣᠯᠬᠤ ᠦᠭᠡᠢ ᠭᠡᠵᠤ ᠵᠠᠷᠯᠢᠭᠳᠠᠭᠰᠠᠨ ᠲᠤᠯᠠ ᠲᠡᠮᠳᠡᠭᠯᠡᠬᠦ ᠪᠣᠯᠣᠮᠵᠢ ᠪᠠᠢᠭᠰᠠᠨ ᠦᠭᠡᠢ︾ ᠭᠡᠵᠤ ᠤᠯᠠᠢᠨ ᠴᠠᠢᠨ ᠵᠢᠳᠬᠦᠵᠤ ᠪᠠᠢᠨ᠎ᠠ᠃ ᠴᠢᠩᠭᠢᠰ ᠬᠠᠭᠠᠨ ᠤ ︽ᠭᠠᠳᠠᠭᠰᠢ ᠵᠠᠳᠠᠷᠠᠭᠤᠯᠵᠤ ᠪᠣᠰᠣᠳ ᠲᠣᠷ ᠮᠡᠳᠡᠭᠦᠯᠵᠤ ᠦᠯᠤ ᠪᠣᠯᠣᠮᠤᠢ︾ ᠭᠡᠰᠡᠨ ᠨᠢ ᠥᠭᠡᠷ᠎ᠡ ᠶᠢ ᠪᠢᠰᠢ᠂ ︽ᠳᠡᠭᠡᠳᠤ ᠠᠷᠰᠢ ᠶᠢᠨ ᠠᠮᠢ ᠨᠠᠰᠣᠨ ᠢ ᠤᠷᠲᠤᠳᠬᠠᠬᠤ ᠶᠣᠰᠣᠨ ᠢ ᠭᠤᠷᠪᠠᠨᠳᠠ ᠦᠭᠦᠯᠡᠭᠰᠡᠨ︾ ᠢ ᠵᠢᠭᠠᠭᠰᠠᠨ ᠨᠢ ᠮᠠᠰᠢ ᠲᠣᠳᠣᠷᠬᠠᠢ ︵ ᠲᠠᠪᠤ ᠳᠠᠬᠢ ᠠᠭᠤᠯᠵᠠᠯᠲᠠ ᠳ᠋ᠦ ᠯᠠᠪᠯᠠᠨ᠎ᠠ ᠦᠦ︶ ᠶᠤᠮ᠃
ᠠᠰᠠᠭᠤᠭᠰᠠᠨ᠂ ᠢᠳᠬᠠᠭᠰᠠᠨ ᠶᠠᠪᠤᠳᠠᠯ ᠴᠣᠬᠣᠮ ᠪᠠᠢᠬᠤ ᠡᠰᠡᠬᠦ ᠮᠠᠳᠠᠭ ᠢ ᠴᠠᠩᠴᠦ᠋ᠨ ᠪᠤᠮᠪᠤ ᠶᠢᠨ ᠲᠤᠮᠳᠠᠳᠤ ᠠᠽᠢᠶ᠎ᠠ ᠳᠤ ︽ ᠬᠢᠴᠢᠶᠡᠯᠯᠡᠭᠰᠡᠨ︾ ᠶᠠᠷᠢᠶᠠᠨ ᠤ ᠲᠤᠰᠬᠠᠢ ᠡᠮᠬᠢᠳᠬᠡᠯ ᠪᠣᠯᠬᠤ ︽ᠰᠤᠷᠭᠠᠯ ᠢ ᠲᠠᠢᠯᠪᠤᠷᠢᠯᠠᠭᠰᠠᠨ ᠬᠤᠷᠠᠯ ᠤᠨ ᠲᠡᠮᠳᠡᠭᠯᠡᠯ︾ ᠡᠴᠤᠰᠯᠠᠨ ᠲᠠᠢᠯᠤᠨ᠎ᠠ᠃ ᠡᠨᠡ ᠲᠡᠮᠳᠡᠭᠯᠡᠯ ᠢ ᠡᠩ ᠦᠨ ᠨᠢᠭᠡᠨ ᠪᠢᠰᠢ ᠡᠵᠡᠨ ᠴᠢᠩᠭᠢᠰ ᠦᠨ ᠢᠲᠡᠭᠡᠯᠲᠤ ᠲᠦᠰᠢᠮᠡᠯ ᠶᠧᠯᠸᠢ ᠴᠦᠰᠠᠢ ᠭᠠᠷᠳᠠᠨ ᠭᠦᠢᠴᠡᠳᠬᠡᠵᠡᠢ᠃
︽ᠰᠤᠷᠭᠠᠯ ᠢ ᠲᠠᠢᠯᠪᠤᠷᠢᠯᠠᠭᠰᠠᠨ ᠬᠤᠷᠠᠯ ᠤᠨ ᠲᠡᠮᠳᠡᠭᠯᠡᠯ︾ ᠪᠣᠯ ᠲᠠᠪᠤ ᠤᠳᠠᠭ᠎ᠠ ᠶᠢᠨ ᠠᠭᠤᠯᠵᠠᠯᠲᠠ ᠶᠢᠨ ᠭᠣᠣᠯ ᠭᠤᠷᠪᠠᠨ ᠠᠭᠤᠯᠵᠠᠯᠲᠠ ᠳᠤ ᠴᠠᠩᠴᠦ᠋ᠨ ᠪᠣᠮᠪᠣ ᠶᠢᠨ ᠢᠯᠡᠳᠭᠡᠭᠰᠡᠨ ᠪᠦᠬᠦ ᠠᠭᠤᠯᠭ᠎ᠠ ᠶᠤᠮ᠃ ︵ ᠡᠬᠢᠨ ᠦ ᠬᠣᠶᠠᠷ ᠠᠭᠤᠯᠵᠠᠯᠲᠠ ᠨᠢ ᠶᠣᠰᠣᠯᠠᠯ ᠤᠨ ᠴᠢᠨᠠᠷ ᠲᠠᠢ ᠪᠠᠢᠭᠰᠠᠨ ᠢ ᠪᠢᠳᠡ ᠲᠦᠷᠦᠭᠦᠨ ᠤᠩᠰᠢᠭᠰᠠᠨ︶ ᠡᠨᠡ ᠲᠡᠮᠳᠡᠭᠯᠡᠯ ᠢ ᠴᠢᠩᠭᠢᠰ ᠬᠠᠭᠠᠨ ᠦᠪᠡᠷ ᠢᠶᠡᠨ ᠵᠠᠷᠯᠢᠭᠳᠠᠨ ᠪᠢᠴᠢᠭᠦᠯᠵᠤ ᠬᠠᠳᠠᠭᠠᠯᠠᠭᠤᠯᠤᠭᠰᠠᠨ ᠲᠤᠯᠠ ᠪᠣᠮᠪᠣ ᠶᠢᠨ ᠠᠮᠡᠠ ᠠᠴᠠ ᠭᠠᠷᠤᠭᠰᠠᠨ ᠢ ᠵᠣᠷᠢᠭᠤᠳᠠ ᠣᠷᠬᠢᠬᠤ ᠶᠢ ᠪᠤᠤ ᠬᠡᠯᠡ᠂ ᠰᠠᠨᠠᠮᠰᠠᠷ ᠦᠭᠡᠢ ᠣᠷᠬᠢᠬᠤ ᠪᠣᠯᠣᠮᠵᠢ ᠴᠦ ᠦᠭᠡᠢ ᠶᠤᠮ᠃
︽ᠰᠤᠷᠭᠠᠯ ᠢ ᠲᠠᠢᠯᠪᠤᠷᠢᠯᠠᠭᠰᠠᠨ ᠬᠤᠷᠠᠯ ᠤᠨ ᠲᠡᠮᠳᠡᠭᠯᠡᠯ︾ ᠢ ᠡᠬᠢᠨ ᠡᠴᠡ ᠲᠠᠭᠤᠰᠲᠠᠯ᠎ᠠ ᠰᠢᠭᠦᠵᠦ ᠦᠵᠡᠬᠦ ᠳᠦ ᠬᠢᠲᠠᠳ ᠤᠳ ᠤᠨ ᠨᠢᠳᠦ ᠲᠠᠢ ᠠᠮᠠ ᠲᠠᠢ ᠪᠢᠴᠢᠬᠡᠳ ᠪᠠᠢᠭ᠎ᠠ ᠲᠦᠷᠤ ᠶᠢ ᠵᠠᠰᠠᠬᠤ ᠤᠬᠠᠭᠠᠨ᠂ ᠠᠯᠠᠵᠤ ᠬᠢᠳᠤᠬᠤ ᠪᠠᠨ ᠪᠠᠭᠠᠰᠬᠠᠬᠤ ᠶᠢ ᠢᠳᠬᠠᠭᠰᠠᠨ ᠠᠭᠤᠯᠭ᠎ᠠ ᠣᠭᠲᠣ ᠪᠠᠢᠬᠤ ᠦᠭᠡᠢ᠃ ︽ᠰᠤᠷᠭᠠᠯ ᠢ ᠲᠠᠢᠯᠪᠤᠷᠢᠯᠠᠭᠰᠠᠨ ᠬᠤᠷᠠᠯ ᠤᠨ ᠲᠡᠮᠳᠡᠭᠯᠡᠯ︾ ᠪᠣᠯ ᠴᠡᠪᠡᠷ ᠪᠣᠮᠪᠣ ᠶᠢᠨ ᠰᠤᠷᠳᠠᠬᠤᠨ ᠤ ᠲᠠᠢᠯᠤᠮᠵᠢ ᠂ ᠡᠭᠦᠨ ᠢ ᠭᠠᠷᠴᠠᠭ ᠡᠴᠡ ᠨᠢ ᠴᠦ ᠮᠡᠳᠡᠵᠤ ᠪᠣᠯᠣᠨ᠎ᠠ᠃
︽ᠰᠤᠷᠭᠠᠯ ᠢ ᠲᠠᠢᠯᠪᠤᠷᠢᠯᠠᠭᠰᠠᠨ ᠬᠤᠷᠠᠯ ᠤᠨ ᠲᠡᠮᠳᠡᠭᠯᠡᠯ︾ ᠳ᠋ᠥ ᠪᠣᠮᠪᠣ ᠶᠢᠨ ᠰᠤᠷᠳᠠᠬᠤᠨ ᠤ ᠭᠣᠣᠯ ᠨᠣᠮᠯᠠᠯ ᠪᠣᠯᠬᠤ ᠡᠷᠡᠭᠦᠯ ᠡᠩᠬᠡ ᠤᠷᠲᠤ ᠨᠠᠰᠤᠯᠠᠬᠤ ᠠᠭᠤᠯᠭ᠎ᠠ ᠠᠴᠠ ᠰᠠᠯᠵᠤ ᠨᠡᠢᠭᠡᠮ ᠣᠯᠣᠰ ᠲᠦᠷᠤ ᠴᠡᠷᠢᠭ ᠲᠠᠢᠨ ᠲᠠᠢ ᠬᠣᠯᠪᠣᠭᠳᠠᠭᠰᠠᠨ ᠠᠭᠤᠯᠭ᠎ᠠ ᠶᠢ ᠶᠠᠷᠢᠭᠰᠠᠨ ᠵᠣᠢᠯ ᠬᠤᠶᠠᠷ ᠤᠯᠠᠭᠠᠨ ᠮᠦᠷ ᠪᠠᠢᠳᠠᠭ ᠪᠣᠯᠪᠠᠴᠤ ︽ᠠᠰᠠᠭᠤᠭᠰᠠᠨ︾ ᠬᠢᠭᠡᠳ ︽ ᠢᠳᠬᠠᠭᠰᠠᠨ︾ ᠤ ᠠᠯᠢ ᠠᠯᠢᠨ ᠴᠤ ᠪᠢᠰᠢ᠂ ᠡᠨᠳᠡ ᠪᠦᠲᠦᠨ ᠢᠶᠡᠷ ᠨᠢ ᠰᠡᠢᠷᠡᠭᠦᠯᠤᠶᠡ᠃
32 ᠳ᠋ᠤᠭᠠᠷ ᠤᠯᠠᠭᠠᠨ ᠮᠦᠷ᠄ ᠲᠠᠢᠬᠠᠩᠱᠠᠨ ᠠᠴᠠ ᠵᠡᠭᠦᠨᠰᠢ᠂ ᠬᠠᠳᠤᠨ ᠭᠣᠣᠯ ᠠᠴᠠ ᠬᠤᠢᠰᠢ ᠬᠢ ︵ ᠵᠡᠭᠦᠯᠲᠡ19︶ ᠣᠷᠣᠨ ᠪᠣᠯ ᠬᠠᠮᠤᠭ ᠤᠨ ᠦᠷ᠎ᠡ ᠰᠢᠮ᠎ᠡ ᠲᠠᠢ ᠨᠤᠲᠤᠭ᠂ ᠰᠠᠢᠨ ᠴᠢᠨᠠᠷ ᠤᠨ ᠲᠠᠷᠢᠶ᠎ᠡ ᠨᠣᠭᠣᠭ᠎ᠠ ᠵᠢᠮᠢᠰ ᠤᠷᠭᠤᠨ᠎ᠠ᠂ ᠵᠢᠭᠠᠰᠣ᠂ ᠲᠠᠪᠤᠰᠤ᠂ ᠲᠣᠷᠭ᠎ᠠ ᠶᠢᠨ ᠭᠠᠷᠤᠯᠲᠠ ᠪᠡᠷ ᠤᠯᠤᠰ ᠣᠷᠣᠨ ᠢ ᠬᠠᠩᠭᠠᠭᠠᠳᠠᠭ᠃ ᠡᠷᠲᠡᠨ ᠡᠴᠡ ᠡᠨᠡ ᠭᠠᠵᠠᠷ ᠢ ᠡᠵᠡᠯᠡᠭᠰᠡᠨ ᠬᠦᠮᠤᠨ ᠬᠦᠴᠤᠷᠬᠡᠭ ᠲᠦᠷᠤ ᠶᠢ ᠪᠠᠢᠭᠤᠯᠵᠤ ᠴᠢᠳᠠᠳᠠᠭ᠃ ᠡᠢᠮᠤ ᠠᠴᠠ ᠦᠶ᠎ᠡ ᠦᠶ᠎ᠡ ᠶᠢᠨ ᠬᠠᠭᠠᠳ ᠡᠵᠡᠳ ᠴᠦᠮ ᠡᠨᠡ ᠭᠠᠵᠠᠷ ᠢ ᠲᠡᠮᠡᠴᠡᠯᠳᠦᠳᠡᠭ ᠶᠤᠮ᠃ ᠡᠳᠤᠭᠡ ᠲᠠᠢᠨ ᠤ ᠬᠥᠯ ᠳᠦ ᠪᠤᠲᠠᠷᠠᠨ ᠵᠢᠭᠤᠲᠡᠭᠰᠠᠨ ᠢᠷᠭᠡᠳ ᠢ ᠬᠠᠷᠠᠬᠠᠨ ᠲᠥᠪᠬᠢᠨᠡᠭᠦᠯᠦᠭᠡ ᠦᠭᠡᠢ᠃ ᠢᠷᠭᠡᠨ ᠦ ᠵᠣᠪᠠᠯᠠᠩ ᠢ ᠮᠡᠳᠡᠳᠡᠭ᠂ ᠨᠢᠮᠪᠠᠢ᠂ ᠤᠬᠠᠭᠠᠯᠢᠭ ᠨᠤᠶᠠᠨ ᠢ ᠲᠣᠮᠢᠯᠠᠨ ᠤᠴᠢᠭᠤᠯᠵᠤ ᠲᠠᠲᠠᠪᠤᠷᠢ᠂ ᠴᠡᠷᠢᠭ ᠦᠨ ᠠᠯᠪᠠᠨ ᠠᠴᠠ ᠭᠤᠷᠪᠠᠨ ᠵᠢᠯ ᠴᠢᠯᠦᠭᠡᠯᠡᠪᠡᠯ ᠴᠡᠷᠢᠭ ᠠᠷᠮᠢ ᠲᠦᠷᠤ ᠵᠠᠰᠠᠭ ᠲᠤ ᠬᠡᠷᠡᠭᠯᠡᠬᠦ ᠪᠤᠳᠠᠰ ᠤᠨ ᠬᠠᠩᠭᠠᠯᠭ᠎ᠠ ᠪᠠᠲᠤᠯᠠᠭᠠᠲᠠᠢ ᠪᠣᠯᠬᠤ ᠪᠦᠭᠡᠳ ᠢᠷᠭᠡᠳ ᠦᠨ ᠠᠮᠢᠳᠤᠷᠠᠯ ᠢ ᠰᠡᠷᠭᠦᠭᠡᠨ ᠪᠣᠰᠬᠠᠵᠤ ᠴᠢᠳᠠᠨ᠎ᠠ᠃ ᠡᠨᠡ ᠮᠡᠲᠤ ᠢᠷᠭᠡᠳ ᠢ ᠠᠮᠤᠭᠤᠯᠵᠤ ᠦᠷ᠎ᠡ ᠬᠣᠢᠴᠢᠰ ᠢ ᠨᠢ ᠠᠮᠤᠷ ᠲᠦᠪᠰᠢᠨ ᠠᠵᠤ ᠲᠦᠷᠦᠭᠦᠯᠡᠬᠦ ᠳᠦ ᠬᠦᠷᠪᠡᠯ ᠲᠡᠭᠷᠢ ᠲᠠᠨ ᠢ ᠢᠪᠡᠭᠡᠬᠦ ᠪᠣᠯᠣᠨ᠎ᠠ᠃
33 ᠳ᠋ᠤᠭᠠᠷ ᠤᠯᠠᠭᠠᠨ ᠮᠦᠷ᠄ ᠪᠢ ᠬᠠᠭᠠᠨ ᠤ ᠳᠠᠭᠤᠳᠠᠯᠭ᠎ᠠ ᠪᠡᠷ ᠲᠦᠮᠡᠨ ᠭᠠᠵᠠᠷ ᠤᠨ ᠬᠣᠯᠠ ᠠᠴᠠ ᠢᠷᠡᠵᠤ ᠲᠠᠮᠢᠷ ᠢ ᠲᠡᠵᠢᠭᠡᠨ ᠪᠡᠶ᠎ᠡ ᠶᠢ ᠴᠢᠬᠢᠷᠠᠭᠵᠢᠭᠤᠯᠬᠤ ᠤᠬᠠᠭᠠᠨ ᠢ ᠨᠢᠭᠡᠨᠳᠡ ᠲᠠᠢᠯᠪᠤᠷᠢᠯᠠᠭᠰᠠᠨ᠃ ᠲᠦᠷᠤ ᠶᠢ ᠵᠠᠰᠠᠵᠤ ᠢᠷᠭᠡᠳ ᠢ ᠲᠡᠵᠢᠭᠡᠬᠦ ᠶᠤᠰᠤᠨ ᠢ ᠶᠠᠷᠢᠬᠤ ᠠᠴᠠ ᠶᠠᠭᠤᠨ ᠬᠠᠷᠠᠮᠨᠠᠬᠤ ᠪᠤᠢ᠃ ᠮᠢᠨᠤ ᠡᠮᠤᠨᠡᠬᠡᠨ ᠦᠭᠦᠯᠡᠭᠰᠡᠨ ᠲᠠᠢᠬᠠᠩᠱᠠᠨ ᠠᠴᠠ ᠵᠡᠭᠦᠨᠰᠢ᠂ ᠬᠠᠳᠤᠨ ᠭᠣᠣᠯ ᠠᠴᠠ ᠬᠤᠢᠰᠢ ᠬᠢ ᠢᠷᠭᠡᠳ ᠢ ᠠᠮᠤᠭᠤᠯᠤᠨ ᠲᠣᠬᠢᠵᠠᠭᠤᠯᠬᠤ ᠳᠤ ᠠᠷᠢᠭᠤᠨ ᠴᠢᠭᠴᠢ᠂ ᠴᠢᠳᠠᠪᠤᠷᠢᠯᠢᠭ ᠨᠣᠶᠠᠨ ᠢ ᠲᠣᠮᠢᠯᠠᠵᠤ ᠬᠠᠭᠠᠨ ᠲᠠᠨ ᠤ ᠵᠠᠷᠯᠢᠭ ᠤᠨ ᠶᠣᠰᠤᠭᠠᠷ ᠶᠠᠪᠤᠭᠤᠯᠪᠠᠰᠤ ᠯᠠᠪᠳᠠᠶ᠎ᠠ ᠲᠡᠭᠷᠢ ᠶᠢᠨ ᠰᠠᠨᠠᠭᠠᠨ ᠳᠤ ᠨᠡᠢᠴᠡᠨ᠎ᠡ᠃ ᠬᠡᠷᠪᠡ ᠣᠯᠳᠣᠢ ᠲᠦᠰᠢᠮᠡᠯ ᠢ ᠲᠣᠮᠢᠯᠠᠬᠤ ᠳᠤ ᠬᠦᠷᠪᠡᠯ ᠬᠡᠷᠡᠭ ᠪᠦᠲᠦᠬᠦ ᠦᠭᠡᠢ ᠪᠦᠭᠡᠳ ᠭᠡᠳᠡᠷᠭᠦ ᠤᠷᠰᠢᠭ ᠲᠠᠲᠠᠨ᠎ᠠ᠃ ᠠᠯᠳᠠᠨ ᠤᠯᠤᠰ ᠤᠨ ᠲᠦᠷᠤ ᠵᠡᠭᠦᠨ ᠬᠤᠢᠳᠤ ᠭᠠᠵᠠᠷ ᠮᠠᠨᠳᠤᠭᠰᠠᠨ ᠲᠤᠯᠠ ᠡᠬᠢᠨ ᠳᠡᠬᠡᠨ ᠵᠦᠩᠶᠤᠸᠠᠨ ᠣᠷᠣᠨ ᠤ ᠠᠷᠠᠳ ᠢᠷᠭᠡᠳ᠂ ᠶᠤᠰᠤ ᠵᠠᠩᠰᠢᠯ ᠢ ᠰᠠᠢᠨ ᠮᠡᠳᠡᠬᠦ ᠦᠭᠡᠢ ᠶᠢᠨ ᠲᠤᠯᠠ ᠳ᠋ᠦᠩᠫᠢᠩ ᠭᠠᠵᠠᠷ ᠰᠦᠩ ᠤᠯᠤᠰ ᠤᠨ ᠬᠦᠮᠤᠨ ᠯᠢᠤ ᠢᠤᠢ ᠶᠢ ᠡᠷᠭᠦᠮᠵᠢᠯᠡᠵᠤ ᠦᠪᠡᠷ ᠢ ᠪᠡᠨ ᠲᠦᠯᠦᠭᠡᠯᠡᠭᠦᠯᠦᠨ ᠵᠦᠩᠶᠤᠸᠠᠨ ᠣᠷᠣᠨ ᠳ᠋ᠥ ᠨᠠᠢ᠌ᠮᠠᠨ ᠵᠢᠯ ᠵᠠᠰᠠᠭᠯᠠᠭᠤᠯᠤᠭᠠᠳ ᠲᠦᠷᠤ ᠪᠠᠨ ᠰᠢᠯᠵᠢᠭᠦᠯᠦᠨ ᠠᠪᠤᠭᠰᠠᠨ ᠶᠤᠮ᠃ ᠡᠨᠡ ᠪᠣᠯ ᠲᠦᠷᠤ ᠲᠣᠭᠳᠠᠨᠢᠵᠤ ᠪᠠᠢᠬᠤ ᠦᠶ᠎ᠡ ᠳᠦ ᠬᠡᠷᠡᠭᠯᠡᠵᠦ ᠪᠣᠯᠬᠤᠢᠴᠠ ᠮᠡᠷᠭᠡᠨ ᠠᠷᠭ᠎ᠠ ᠮᠦᠨ ᠲᠤᠯᠠ ᠠᠩᠬᠠᠷᠤᠯ ᠳᠠᠭᠠᠨ ᠠᠪᠬᠤ ᠶᠢ ᠬᠦᠰᠡᠨ᠎ᠡ᠃
ᠬᠣᠶᠠᠷ ᠤᠯᠠᠭᠠᠨ ᠮᠦᠷ ᠲᠤ ᠨᠢᠭᠡ ᠯᠠ ᠰᠠᠨᠠᠭ᠎ᠠ ᠶᠢ ᠳᠠᠪᠲᠠᠭᠰᠠᠨ ᠪᠠᠢᠨ᠎ᠠ ᠄ ᠲᠠᠢᠬᠠᠩᠱᠠᠨ ᠠᠴᠠ ᠵᠡᠭᠦᠨᠰᠢ᠂ ᠬᠠᠳᠤᠨ ᠭᠣᠣᠯ ᠠᠴᠠ ᠬᠤᠢᠰᠢ ᠬᠢ ᠭᠠᠵᠠᠷ ᠨᠤᠲᠤᠭ ᠲᠤ ᠭᠡᠭᠡᠨ ᠨᠣᠶᠠᠨ ᠲᠣᠮᠢᠯᠠᠵᠤ ᠲᠠᠲᠠᠪᠤᠷᠢ ᠠᠴᠠ ᠴᠢᠯᠦᠭᠡᠯᠡᠬᠦ ᠶᠢ ᠭᠤᠶᠤᠵᠠᠢ᠃ ᠬᠠᠷᠠᠮᠨᠠᠯ ᠦᠭᠡᠢ ︽ ᠰᠤᠷᠭᠠᠬᠰᠠᠨ︾ ︽ ᠲᠦᠷᠤ ᠶᠢ ᠵᠠᠰᠠᠵᠤ ᠢᠷᠭᠡᠳ ᠢ ᠲᠡᠵᠢᠭᠡᠬᠦ ᠶᠤᠰᠤᠨ ︾ ᠭᠡᠳᠡᠭ ᠨᠢ ᠡᠢᠮᠤ ᠯᠡ ᠵᠣᠢᠯ᠃ ᠡᠨᠳᠡ ᠠᠯᠠᠵᠤ ᠬᠢᠳᠤᠬᠤ ᠪᠡᠨ ᠪᠠᠭᠠᠰᠬᠠᠬᠤ ᠶᠢ ᠢᠳᠬᠠᠭᠰᠠᠨ ᠦᠭᠡ ᠶᠢᠨ ᠵᠦᠢᠳᠡᠰᠤ ᠴᠦ ᠦᠭᠡᠢ ᠶᠤᠮ᠃
ᠴᠠᠩᠴᠦ᠋ᠨ ᠪᠣᠮᠪᠣ ᠶᠠᠭᠤᠨ ᠳᠤ ᠡᠨᠡ ᠬᠡᠰᠡᠭ ᠭᠠᠵᠠᠷ ᠣᠷᠣᠨ ᠢ ᠣᠨᠴᠠᠯᠠᠨ ᠳᠤᠷᠠᠳᠴᠤ ᠪᠠᠢᠬᠤ ᠪᠣᠢ ᠭᠡᠪᠡᠯ ᠡᠨᠡ ᠨᠢ ᠲᠡᠭᠦᠨ ᠦ ᠲᠦᠷᠦᠭᠰᠡᠨ ᠨᠤᠲᠤᠭ᠂ ᠪᠠᠰᠠ ᠠᠵᠢᠯ ᠤᠨ ᠭᠠᠵᠠᠷ ᠪᠣᠶᠦ ᠪᠢᠰᠢᠯᠭᠠᠯ ᠬᠢᠳᠡᠭ ᠰᠦᠮ᠎ᠡ ᠨᠢ ᠴᠦ ᠲᠡᠨᠳᠡ ᠪᠠᠢᠭ᠎ᠠ ᠪᠣᠯᠬᠣᠷ ᠶᠤᠮ᠃ ᠣᠳᠤ ᠶᠢᠨ ᠦᠭᠡ ᠪᠡᠷ ᠬᠡᠯᠡᠪᠡᠯ ᠬᠥᠭᠰᠢᠨ ᠪᠣᠮᠪᠤ ᠬᠤᠪᠢ ᠶᠢᠨ ᠪᠢᠽᠢᠨᠢᠰ ᠢᠶᠡᠨ ᠠᠮᠵᠢᠭᠤᠯᠬᠤ ᠭᠡᠳ ᠪᠠᠢᠭ᠎ᠠ ᠬᠡᠷᠡᠭ᠃ ᠴᠠᠩᠴᠦ᠋ᠨ ᠪᠣᠮᠪᠣ ᠶᠢᠨ ᠲᠠᠢᠨ ᠤ ᠬᠥᠯ ᠡᠴᠡ ᠠᠪᠤᠷᠠᠬᠤ ᠶᠢ ᠭᠤᠶᠤᠭᠰᠠᠨ ᠨᠢ ᠵᠦᠪᠬᠡᠨ ᠠᠯᠳᠠᠨ ᠤᠯᠤᠰ ᠲᠦ ᠪᠠᠭᠳᠠᠬᠰᠠᠨ ᠬᠢᠲᠠᠳ ᠭᠠᠵᠠᠷ ᠪᠣᠯᠬᠤ ᠠᠴᠠ ᠪᠢᠰᠢ ᠦᠨᠤ ᠶᠢᠨ ᠬᠢᠲᠠᠳ ᠲᠡᠤᠬᠡᠴᠢᠳ ᠤᠨ ᠰᠦᠷ ᠲᠠᠲᠠᠭᠠᠳ ᠪᠠᠢᠭ᠎ᠠ ᠮᠡᠲᠤ ︽ ᠵᠦᠩᠭᠦᠢᠸ᠋ᠸ ᠂ ᠬᠠᠨ ᠦᠨᠳᠦᠰᠤᠲᠡᠨ ᠤ ᠡᠮᠤᠨ᠎ᠡ ᠠᠴᠠ ᠠᠪᠤᠷᠠᠯ ᠡᠷᠢᠬᠦ ᠪᠠᠷ ᠣᠴᠢᠭᠰᠠᠨ︾ ᠬᠡᠷᠡᠭ ᠣᠭᠲᠣ ᠪᠢᠰᠢ ᠭᠡᠳᠡᠭ ᠢ ᠲᠡᠭᠡᠷᠡᠬᠢ ᠶᠠᠷᠢᠶ᠎ᠠ ᠭᠡᠷᠡᠴᠢᠯᠠᠵᠤ ᠪᠠᠢᠨ᠎ᠠ᠃ ᠴᠠᠩᠴᠦ᠋ᠨ ᠪᠣᠮᠪᠣ ᠵᠦᠩᠭᠦᠢᠸ᠋ᠸ᠂ ᠬᠠᠨ ᠦᠨᠳᠤᠰᠤᠲᠡᠨ ᠢ ᠪᠠᠭᠳᠠᠭᠠᠬᠤ ᠠᠭᠤᠳᠠᠮ ᠴᠡᠭᠡᠵᠢ ᠪᠠᠢᠭᠰᠠᠨ ᠦᠭᠡᠢ ᠨᠢ ᠬᠢᠲᠠᠳ ᠬᠦᠮᠤᠨ ᠤ ᠲᠡᠤᠬᠡᠨ ᠣᠢᠯᠠᠭᠠᠯᠲᠠ ᠲᠠᠢ ᠬᠣᠯᠪᠣᠭ᠎ᠠ ᠲᠠᠢ᠃ ᠬᠢᠲᠠᠳ ᠤᠳ ᠡᠷᠲᠡᠨ ᠡᠴᠡ ᠦᠪᠡᠷ ᠢ ᠪᠡᠨ ᠵᠦᠩᠭᠦᠢᠸ᠋ᠸ᠂ ᠬᠠᠨ ᠦᠨᠳᠦᠰᠤᠲᠡᠨ ᠭᠡᠵᠤ ᠨᠡᠷᠡᠯᠡᠭᠡᠳ ᠢᠷᠡᠭᠰᠡᠨ ᠪᠢᠰᠢ᠂ ᠬᠠᠨ ᠲᠦᠷᠤ ᠶᠢᠨ ᠦᠶ᠎ᠡ ᠳᠦ ᠪᠣᠯ ᠬᠠᠨ ᠬᠦᠮᠤᠨ᠂ ᠶᠤᠸᠠᠨ ᠤ ᠦᠶ᠎ᠡ ᠳᠦ ᠪᠣᠯ ᠶᠤᠸᠠᠨ ᠬᠦᠮᠤᠨ᠂ ᠲᠠᠢᠴᠢᠩ ᠭᠦᠷᠤᠨ ᠤ ᠦᠶ᠎ᠡ ᠳᠦ ᠪᠣᠯ ᠲᠠᠢᠴᠢᠩ ᠬᠦᠮᠤᠨ ᠪᠣᠶᠣ ᠢᠷᠭᠡᠨ ᠭᠡᠳᠡᠭ ︵ᠵᠡᠭᠦᠯᠲᠡ 20︶ ᠪᠠᠢᠵᠠᠢ ᠃ ᠴᠠᠩᠴᠦ᠋ᠨ ᠪᠣᠮᠪᠣ ᠶᠢ ᠲᠦᠷᠦᠬᠦ ᠦᠶ᠎ᠡ ᠳᠦ ᠠᠯᠳᠠᠨ ᠤᠯᠤᠰ ᠲᠤᠭᠳᠠᠨᠢᠭᠠᠳ 33 ᠵᠢᠯ ᠪᠤᠯᠵᠤ᠂ ᠲᠠᠢᠬᠠᠩᠱᠠᠨ ᠠᠴᠠ ᠵᠡᠭᠦᠨᠰᠢ᠂ ᠬᠠᠳᠤᠨ ᠭᠣᠣᠯ ᠠᠴᠠ ᠬᠤᠢᠰᠢ ᠬᠢ ᠭᠠᠵᠠᠷ ᠨᠢ ᠠᠯᠳᠠᠨ ᠤᠯᠤᠰ ᠤᠨ ᠨᠤᠲᠤᠭ ᠲᠡᠪᠢᠰᠭᠡᠷ ᠪᠣᠯᠣᠭᠠᠳ 22 ᠵᠢᠯ ᠪᠣᠯᠣᠭᠰᠠᠨ ᠪᠠᠢᠪᠠ᠂ ᠥᠭᠡᠷ᠎ᠡ ᠪᠠᠷ ᠬᠡᠯᠡᠪᠡᠯ ᠴᠠᠩᠴᠦ᠋ᠨ ᠪᠣᠮᠪᠣ ᠨᠢᠳᠦ ᠪᠡᠨ ᠨᠡᠭᠡᠭᠡᠬᠦ ᠳᠦ ᠵᠦᠩᠭᠦᠢᠸ᠋ᠸ ᠬᠦᠮᠤᠨ ᠪᠢᠰᠢ ᠠᠯᠳᠠᠨ ᠤᠯᠤᠰ ᠤᠨ ᠬᠦᠮᠤᠨ᠃ ᠲᠡᠭᠦᠨ ᠦ ᠡᠬᠡ ᠤᠯᠤᠰ ᠪᠣᠯ ᠠᠯᠳᠠᠨ ᠤᠯᠤᠰ ᠶᠤᠮ᠃
ᠬᠤᠶᠠᠷ ᠰᠤᠳᠤᠯᠤᠭᠳᠠᠬᠤᠨ ᠢ ᠨᠠᠷᠢᠨ ᠰᠢᠭᠦᠨ ᠦᠵᠡᠭᠰᠡᠨ ᠦ ᠡᠴᠤᠰ ᠲᠤ᠂ ᠴᠢᠩᠭᠢᠰ ᠬᠠᠭᠠᠨ ᠪᠠᠷ ᠴᠠᠩᠴᠦ᠋ᠨ ᠪᠣᠮᠪᠤ ᠠᠴᠠ ︽ᠲᠦᠷᠤ ᠶᠢ ᠵᠠᠰᠠᠬᠤ ᠤᠬᠠᠭᠠᠨ ᠢ ᠠᠰᠠᠭᠤᠬᠰᠠᠨ︾᠂ ᠴᠠᠩᠴᠦ᠋ᠨ ᠪᠣᠮᠪᠣ ᠨᠢ ᠴᠢᠩᠭᠢᠰ ᠬᠠᠭᠠᠨ ᠳᠤ ︽ ᠠᠯᠠᠵᠤ ᠬᠢᠳᠤᠬᠤ ᠪᠠᠨ ᠪᠠᠭᠠᠰᠬᠠᠬᠤ ᠶᠢ ᠢᠳᠬᠠᠭᠰᠠᠨ︾ ᠶᠠᠪᠤᠳᠠᠯ ᠣᠭᠲᠣ ᠪᠠᠢᠭ᠎ᠠ ᠦᠭᠡᠢ᠂ ᠡᠨᠡ ᠪᠣᠯ ᠪᠦᠭᠦᠳᠡ ᠬᠢᠲᠠᠳ ᠪᠢᠴᠢᠭᠲᠡᠳ ᠦᠨ ᠳᠤᠷ᠎ᠠ ᠮᠡᠳᠡᠨ ᠵᠣᠭᠢᠶᠠᠭᠰᠠᠨ ᠱᠠᠯ ᠬᠤᠳᠠᠯ ᠵᠤᠢᠯᠡᠰ ᠭᠡᠳᠡᠭ ᠨᠢ ᠲᠣᠳᠣᠷᠬᠠᠢ ᠪᠠᠢᠨ᠎ᠠ᠃
ᠬᠤᠶᠠᠷ᠂ ᠴᠠᠩᠴᠦ᠋ᠨ ᠪᠣᠮᠪᠣ ᠶᠢᠨ ᠴᠢᠩᠭᠢᠰ ᠬᠠᠭᠠᠨ ᠲᠠᠢ ᠠᠭᠤᠯᠵᠠᠬᠤ ᠶᠢ ᠰᠢᠭᠤᠳᠤᠭᠰᠠᠨ ᠵᠢᠩᠬᠢᠨᠢ ᠰᠢᠯᠳᠠᠭᠠᠨ
ᠴᠠᠩᠴᠦ᠋ᠨ ᠪᠣᠮᠪᠣ ︽ ᠡᠮᠤᠨᠡᠳᠤ ᠰᠦᠩ᠂ ᠠᠯᠳᠠᠨ ᠤᠯᠤᠰ ᠤᠨ ᠬᠠᠭᠠᠨ ᠵᠠᠯᠠᠭᠠᠳ ᠪᠦᠷ ᠣᠴᠢᠭᠰᠠᠨ ᠦᠭᠡᠢ ︾ ︵ ᠵᠡᠭᠦᠯᠲᠡ 21︶ ᠪᠠᠢᠵᠤ᠂ ᠶᠠᠭᠠᠬᠢᠭᠠᠳ ᠬᠡᠯᠡ ᠠᠮᠠ ᠶᠢ ᠨᠢ ᠮᠡᠳᠡᠬᠦ ᠦᠭᠡᠢ᠂ ᠤᠭᠰᠠᠭ᠎ᠠ ᠭᠠᠷᠤᠯ ᠥᠭᠡᠷ᠎ᠡ᠂ ︽ ᠠᠯᠠᠵᠤ ᠬᠢᠲᠤᠬᠤ ᠶᠢ ᠯᠡ ᠮᠡᠳᠡᠳᠡᠭ ᠤᠮᠠᠷᠠᠳᠤ ᠶᠢᠨ ᠵᠡᠷᠯᠢᠭ ᠤᠳ︾ ᠦᠨ ᠬᠠᠭᠠᠨ ᠳᠠᠭᠤᠳᠠᠬᠤ ᠪᠡᠷ ᠨᠢ ᠠᠭᠤᠯᠵᠠᠬᠤ ᠪᠡᠷ ᠪᠣᠯᠪᠠ︖ ᠭᠡᠪᠡᠯ ᠡᠨᠡ ᠨᠢ ᠲᠤᠬᠠᠢ ᠶᠢᠨ ᠦᠶ᠎ᠡ ᠶᠢᠨ ᠮᠣᠩᠭᠣᠯ ᠤᠨ ᠪᠠᠢᠯᠳᠤᠨ ᠲᠠᠭᠠᠭᠤᠯᠬᠤ ᠲᠠᠢᠨ ᠤ ᠶᠠᠪᠤᠴᠠ ᠲᠠᠢ ᠰᠢᠭᠤᠳ ᠬᠣᠯᠪᠤᠭ᠎ᠠ ᠲᠠᠢ᠃
ᠴᠠᠩᠴᠦ᠋ᠨ ᠪᠣᠮᠪᠣ ᠴᠢᠩᠭᠢᠰ ᠬᠠᠭᠠᠨ ᠤ ᠲᠠᠭᠤᠳᠠᠭᠰᠠᠨ ᠵᠠᠷᠯᠢᠭ ᠢ ᠣᠯᠬᠣ ᠦᠶ᠎ᠡ ︵1219 ᠣᠨ︶ ᠳᠦ ᠠᠯᠳᠠᠨ ᠤᠯᠤᠰ ᠤᠨ ᠨᠡᠢᠰᠯᠡᠯ ᠵᠦᠩᠳᠤ ᠬᠣᠲᠠ ᠮᠣᠩᠭᠣᠯ ᠴᠡᠷᠢᠭ ᠳᠤ ᠡᠵᠡᠯᠡᠭᠳᠡᠭᠡᠳ ᠲᠦᠷᠪᠡᠨ ᠵᠢᠯ ᠪᠣᠯᠣᠭᠰᠠᠨ ᠲᠡᠳᠤᠢ ᠦᠭᠡᠢ ᠶᠡᠬᠡ ᠣᠯᠠᠨ ᠬᠢᠵᠠᠭᠠᠷ ᠨᠤᠲᠤᠭ ᠨᠢ ᠵᠠᠯᠭᠠᠭ᠎ᠠ ᠪᠠᠷ ᠮᠣᠩᠭᠣᠯ ᠤᠯᠤᠰ ᠤᠨ ᠬᠠᠷᠢᠶᠠᠨ ᠳᠤ ᠤᠷᠤᠭᠰᠠᠭᠠᠷ᠂ ᠠᠯᠳᠠᠨ ᠤᠯᠤᠰ ᠮᠦᠬᠦᠬᠦ ᠨᠢ ᠴᠠᠭ ᠬᠤᠭᠤᠴᠠᠭᠠᠨ ᠤ ᠯᠡ ᠠᠰᠠᠭᠤᠳᠠᠯ ᠪᠣᠯᠣᠭᠠᠳ ᠪᠠᠢᠪᠠ᠃ ᠲᠠᠪᠢᠨ ᠵᠢᠯ ᠪᠢᠰᠢᠯᠭᠠᠯ ᠬᠢᠭᠰᠡᠨ ᠬᠦᠭᠰᠢᠨ ᠪᠤᠮᠪᠤ ᠨᠡᠢᠭᠡᠮ ᠦᠨ ᠡᠢᠮᠤ ᠲᠣᠮᠣ ᠬᠤᠪᠢᠰᠤᠯ ᠢ ᠠᠨᠳᠠᠨᠠ ᠭᠡᠵᠤ ᠪᠠᠢᠬᠤ ᠦᠭᠡᠢ᠃ ᠬᠢᠲᠠᠳ ᠬᠦᠮᠤᠨ ᠤ ᠲᠡᠤᠬᠡ ᠶᠢᠨ ᠣᠢᠯᠠᠭᠠᠯᠲᠠ ᠪᠠᠷ ᠪᠣᠯ ︽ ᠢᠷᠡᠭᠡᠳᠤᠢ ᠶᠢᠨ ᠡᠵᠡᠨ ︾ ᠨᠢ ᠲᠡᠭᠦᠨ ᠢ ᠲᠠᠭᠤᠳᠠᠭᠰᠠᠨ ᠪᠠᠢᠨ᠎ᠠ᠃ ᠴᠢᠩᠭᠢᠰ ᠬᠠᠭᠠᠨ ︽ ᠰᠢᠲᠠᠷ ᠲᠦᠰᠢᠮᠡᠯ ᠯᠢᠤ ᠵᠦᠩ ᠯᠤ᠋ ᠳ᠋ᠤᠷ ᠪᠠᠷᠰ ᠤᠨ ᠲᠣᠯᠤᠭᠠᠢᠲᠤ ᠠᠯᠲᠠᠨ ᠫᠠᠢᠵᠠ ᠵᠡᠭᠦᠯᠭᠡᠵᠤ ᠢᠯᠡᠭᠡᠪᠡᠢ᠃ ᠲᠡᠷᠡ ᠫᠠᠢᠵᠠ ᠳ᠋ᠤᠷ ᠪᠢᠴᠢᠭᠰᠡᠨ ᠢᠨᠤ᠂ ᠡᠵᠡᠨ ᠪᠢ ᠪᠡᠶ᠎ᠡ ᠪᠡᠷ ᠬᠦᠷᠦᠭᠰᠡᠨ ᠯᠤᠭᠡ ᠠᠳᠠᠯᠢ᠂ ᠵᠠᠷᠯᠢᠭ ᠤᠨ ᠶᠣᠰᠣᠭᠠᠷ ᠭᠦᠢᠴᠡᠳᠭᠡᠭᠳᠦᠨ ᠬᠡᠮᠡᠵᠦᠬᠦᠢ︾ ︵ᠵᠡᠭᠦᠯᠲᠡ 22︶᠃ ᠯᠢ ᡁᠢ ᠴᠠᠩ ︽ ᠪᠠᠭᠰᠢ ᠶᠢᠨ ᠪᠡᠶ᠎ᠡ ᠡᠨᠡ ᠵᠠᠯᠠᠯᠭ᠎ᠠ ᠶᠢ ᠲᠦᠯᠬᠢᠵᠤ ᠡᠰᠡ ᠪᠣᠯᠬᠤ ᠶᠢ ᠮᠡᠳᠡᠭᠡᠳ︾ ︵ ᠵᠡᠭᠦᠯᠲᠡ23︶ ᠭᠡᠵᠤ ᠪᠢᠴᠢᠭᠰᠡᠨ ᠨᠢ ᠶᠠᠭ ᠡᠨᠡ ᠳᠠᠯᠳᠠ ᠶᠤᠰᠤ ᠤᠴᠢᠷ ᠢ ᠦᠭᠦᠯᠡᠭᠰᠡᠨ ᠶᠤᠮ᠃ ᠢᠷᠡᠭᠡᠳᠤᠢ ᠶᠢᠨ ᠡᠵᠡᠨ ᠡᠴᠡ ᠢᠷᠡᠭᠰᠡᠨ ᠲᠠᠭᠤᠳᠠᠯᠭ᠎ᠠ ᠨᠢ ᠲᠡᠭᠦᠨ ᠦ ᠬᠤᠪᠢ ᠳᠤ ᠠᠮᠢᠳᠤ ᠦᠯᠡᠳᠡᠬᠦ ᠶᠢᠨ ᠠᠵᠠ ᠵᠠᠪᠰᠢᠶᠠᠨ᠂ ᠪᠠᠲᠤᠯᠠᠭ᠎ᠠ ᠶᠤᠮ ᠪᠠᠢᠵᠠᠢ᠃ ᠡᠨᠡ ᠪᠣᠯ ᠴᠠᠩᠴᠦ᠋ᠨ ᠪᠣᠮᠪᠣ ᠶᠢᠨ ᠴᠢᠩᠭᠢᠰ ᠬᠠᠭᠠᠨ ᠲᠠᠢ ᠠᠭᠤᠯᠵᠠᠬᠤ ᠠᠴᠠ ᠥᠭᠡᠷ᠎ᠡ ᠠᠷᠭ᠎ᠠ ᠦᠭᠡᠢ ᠪᠠᠢᠭᠰᠠᠨ ᠦ ᠭᠠᠭᠴᠠ ᠰᠢᠯᠲᠠᠭᠠᠨ ᠨᠢ ᠶᠤᠮ᠃
ᠴᠠᠩᠴᠦ᠋ᠨ ᠪᠣᠮᠪᠣ ᠶᠢᠨ ᠬᠢᠭᠰᠡᠨ ᠠᠶᠠᠯᠠᠯ ᠪᠣᠯ ᠬᠢᠲᠠᠳ ᠤᠳ ᠤᠨ ᠪᠢᠴᠢᠵᠤ ᠪᠠᠢᠭ᠎ᠠ ᠰᠢᠭ᠋ ᠰᠠᠢᠨ ᠳᠤᠷ᠎ᠠ ᠠᠴᠠ ᠪᠡᠨ ᠡᠩ ᠲᠠᠢᠪᠤᠩ ᠤᠨ ᠴᠠᠭᠠᠨ ᠲᠠᠭᠲᠠᠭ᠎ᠠ ᠪᠣᠯᠵᠤ ᠬᠥᠭᠡᠷᠦᠬᠦᠨ ᠳᠠᠯᠠᠪᠴᠢ ᠪᠠᠨ ᠳᠡᠪᠢᠨ ᠳᠡᠪᠢᠭᠰᠡᠭᠡᠷ ᠬᠦᠷᠦᠭᠡᠳ ᠣᠴᠢᠬᠤ ᠣᠷᠣᠨ ᠵᠠᠢ ᠪᠢᠰᠢ᠂ ᠬᠦᠵᠦᠭᠦᠨ ᠲᠡᠭᠡᠷ᠎ᠡ ᠬᠢᠲᠤᠭ᠎ᠠ ᠢᠷᠡᠬᠦ ᠦᠶ᠎ᠡ ᠳᠦ ᠯᠡ ᠬᠢᠬᠦ ᠰᠤᠩᠭᠤᠯᠲᠠ᠂ ᠭᠦᠢᠴᠡᠭᠡᠬᠦ ᠠᠯᠪᠠ ᠶᠤᠮ᠃ ᠴᠠᠩᠴᠦ᠋ᠨ ᠪᠣᠮᠪᠣ ᠤᠷᠢᠯᠭ᠎ᠠ ᠶᠢ ᠣᠯᠣᠭᠰᠠᠨ ᠲᠡᠷᠡ ᠰᠠᠷ᠎ᠠ ᠳᠠᠭᠠᠨ ᠨᠤᠲᠤᠭ ᠠᠴᠠ ᠪᠠᠨ ᠭᠠᠷᠤᠭᠰᠠᠨ ᠪᠣᠯᠪᠠᠴᠤ ᠠᠶᠠᠨ ᠵᠠᠮ ᠤᠨ ᠠᠯᠤᠰ ᠬᠤᠯᠠ᠂ ᠭᠣᠪᠢ ᠴᠦᠯ ᠤᠨ ᠪᠡᠷᠬᠡ ᠪᠠᠷᠲᠠᠭ᠎ᠠ ᠳᠦ ᠨᠠᠰᠤᠲᠠᠨ ᠪᠤᠭᠤᠷᠤᠯ ᠪᠣᠯᠣᠭᠰᠠᠨ ᠲᠡᠷᠡ ᠪᠡᠷ ᠶᠠᠭᠠᠬᠢᠬᠤ ᠠᠷᠭ᠎ᠠ ᠦᠭᠡᠢ ᠬᠠᠯᠠᠰᠢᠷᠠᠨ ᠴᠦᠬᠦᠵᠤ᠂ ᠬᠤᠶᠠᠷ ᠴᠤ ᠤᠳᠠᠭ᠎ᠠ ᠠᠶᠠᠯᠠᠯ ᠢᠶᠠᠨ ᠵᠣᠭᠰᠣᠭᠠᠬᠤ ᠶᠢ ᠭᠤᠶᠤᠴᠢᠯᠠᠵᠤ ᠪᠠᠢᠵᠠᠢ᠃ ᠯᠠᠢᠵᠸᠤ ᠳᠠᠬᠢ ᠰᠦᠮ᠎ᠡ ᠡᠴᠡ ᠪᠠᠨ ᠭᠠᠷᠴᠤ ᠪᠡᠭᠡᠵᠢᠩ ᠬᠦᠷᠴᠤ ᠢᠷᠡᠭᠡᠳ ︽ ᠨᠡᠭᠦᠳᠡᠯ ᠣᠷᠳᠣᠨ ᠠᠭᠠᠵᠢᠮ ᠢᠶᠠᠷ ᠪᠠᠷᠠᠭᠤᠨᠰᠢᠯᠠᠪᠠᠢ ᠬᠡᠮᠡᠨ ᠪᠠᠭᠰᠢ ᠰᠣᠨᠣᠰᠤᠭᠠᠳ ᠁ ᠡᠵᠡᠨ ᠦ ᠪᠤᠴᠠᠨ ᠢᠷᠡᠬᠦᠢ ᠳ᠋ᠤᠷ ᠵᠤᠯᠭᠠᠬᠤᠢ ᠶᠢ ᠪᠣᠳᠣᠮᠣᠢ︾ ︵ ᠵᠡᠭᠦᠯᠲᠡ 24︶ ᠭᠡᠰᠡᠨ ᠳᠦ ᠴᠡᠷᠢᠭ ᠳᠠᠭᠠᠭᠤᠯᠤᠨ ᠲᠣᠰᠬᠤ ᠪᠠᠷ ᠢᠷᠡᠭᠰᠡᠨ ᠯᠢᠤ ᠵᠦᠩ ᠯᠤ᠋ ᠵᠦᠪᠰᠢᠶᠡᠷᠡᠭᠰᠡᠨ ᠦᠭᠡᠢ᠃ ᠮᠦᠨ ᠵᠠᠮ ᠤᠨ ᠬᠠᠭᠠᠰ ᠨᠢ ᠪᠣᠯᠬᠤ ᠠᠯᠳᠠᠢ ᠶᠢᠨ ᠲᠣᠣᠷ᠎ᠠ ᠨᠣᠶᠠᠨ ᠴᠢᠩᠬᠠᠢ ᠶᠢᠨ ᠬᠠᠷᠢᠶ᠎ᠠ ᠭᠠᠵᠠᠷ ᠢᠷᠡᠭᠡᠳ ︽ ᠡᠨᠡ ᠭᠠᠵᠠᠷ ᠡᠪᠦᠯᠵᠢᠭᠡᠳ ᠡᠵᠡᠨ ᠦ ᠶᠡᠬᠡ ᠴᠡᠷᠢᠭ ᠪᠤᠴᠠᠬᠤ ᠶᠢ ᠬᠦᠯᠢᠶᠡᠬᠦ ᠶᠢ ᠬᠦᠰᠡᠮᠤᠢ︾ ᠭᠡᠰᠡᠨ ᠳ᠋ᠥ ᠴᠢᠩᠬᠠᠢ ︽ᠠᠷᠰᠢ ᠲᠠ ᠡᠨᠳᠡ ᠰᠠᠭᠤᠪᠠᠰᠤ ᠶᠠᠯ᠎ᠠ ᠢᠨᠤ ᠴᠢᠩᠬᠠᠢ ᠨᠠᠳᠠ ᠳ᠋ᠤᠷ ᠢᠷᠡᠬᠦ︾ ︵ ᠵᠡᠭᠦᠯᠲᠡ 25︶ ᠭᠡᠵᠤ ᠤᠷᠠᠨ ᠢᠶᠠᠷ ᠲᠠᠲᠠᠭᠠᠯᠵᠠᠭᠠᠳ ︽ ᠮᠢᠨᠤ ᠪᠡᠶ᠎ᠡ ᠳᠤᠷᠠᠲᠠᠶ᠎ᠠ ᠪᠠᠭᠰᠢ ᠶᠢ ᠪᠡᠶ᠎ᠡ ᠪᠡᠷ ᠳᠠᠭᠠᠯᠳᠤᠨ ᠮᠣᠷᠳᠠᠶ᠎ᠠ︾ ︵ ᠵᠡᠭᠦᠯᠲᠡ 26︶ ᠭᠡᠳ ᠰᠠᠮᠠᠷᠺᠠᠨᠲ ᠠᠴᠠ ᠴᠠᠭᠠᠨ᠎ᠠ ᠣᠷᠣᠰᠢᠬᠤ ᠪᠠᠷᠠᠭᠠᠨ ᠬᠡᠭᠡᠷ᠎ᠡ ᠭᠡᠳᠡᠭ ᠭᠠᠵᠠᠷ ᠪᠠᠢᠭᠰᠠᠨ ᠴᠢᠩᠭᠢᠰ ᠬᠠᠭᠠᠨ ᠤ ᠠᠶᠠᠨ ᠤ ᠣᠷᠳᠣ ᠬᠦᠷᠲᠡᠯ᠎ᠡ ᠪᠡᠷ᠎ᠡ ᠪᠣᠯᠵᠤ ᠶᠠᠪᠤᠭᠰᠠᠨ ᠪᠠᠢᠳᠠᠭ᠃
ᠦᠨᠡᠨ ᠳᠡᠬᠡᠨ ᠪᠣᠮᠪᠣ ᠶᠢᠨ ᠪᠡᠶ᠎ᠡ ᠲᠠᠭᠠᠷᠠᠤᠬᠠᠨ ᠪᠠᠢᠵᠠᠢ᠂ ᠬᠤᠷᠠᠯ ᠳᠤ ᠬᠠᠮᠲᠤ ᠰᠠᠭᠤᠳᠠᠭ ᠪᠠᠢᠭᠰᠠᠨ ᠶᠧᠯᠸᠢ ᠴᠦᠰᠠᠢ ︽ ᠪᠡᠶ᠎ᠡ ᠨᠢ ᠶᠡᠬᠡᠳᠡ ᠰᠢᠨᠠᠯᠤᠨ ᠵᠣᠪᠠᠳᠠᠭ ᠪᠠᠢᠭᠰᠠᠨ᠂ ᠦᠬᠦᠵᠤ ᠮᠠᠭᠠᠳ ᠁︾ ᠬᠦᠷᠲᠡᠯ᠎ᠡ ᠲᠡᠮᠳᠡᠭᠯᠡᠵᠦ ᠪᠠᠢᠭᠰᠠᠨ ︵ ᠵᠡᠭᠦᠯᠲᠡ 27︶ ᠭᠡᠳ ᠪᠣᠳᠣ᠃ ᠪᠣᠮᠪᠣ ᠲᠤᠮᠳᠠᠳᠤ ᠠᠽᠢᠶ᠎ᠠ ᠠᠴᠠ ᠪᠤᠴᠠᠵᠤ ᠢᠷᠡᠭᠡᠳ ᠲᠦᠷᠪᠡᠬᠡᠨ ᠵᠢᠯ ᠪᠣᠯᠣᠭᠠᠳ ᠨᠠᠰᠤ ᠪᠠᠷᠠᠪᠠ᠃ ᠠᠷᠪᠠ ᠶᠢᠰᠤ ᠲᠠᠢ ᠭᠡᠷ ᠡᠴᠡ ᠭᠠᠷᠴᠤ ᠨᠠᠰᠤᠨ ᠲᠤᠷᠰᠢ ᠪᠢᠰᠢᠯᠠᠭᠠᠯ ᠬᠢᠵᠤ ᠡᠷᠡᠭᠦᠯ᠂ ᠤᠷᠲᠤ ᠨᠠᠰᠤᠯᠠᠬᠤ ᠶᠢ ᠬᠦᠭᠡᠭᠡᠴᠡᠯᠳᠦᠭᠰᠡᠨ ᠲᠡᠷᠡ ᠪᠡᠷ ᠮᠣᠷᠢᠨ ᠨᠢᠷᠤᠭᠤᠨ ᠲᠡᠭᠡᠷ᠎ᠡ ᠠᠮᠢᠳᠤᠷᠠᠭᠰᠠᠨ ᠴᠢᠩᠭᠢᠰ ᠬᠠᠭᠠᠨ ᠠᠴᠠ ᠠᠷᠪᠠᠨ ᠲᠦᠷᠪᠡᠬᠡᠨ ᠨᠠᠰᠤ ᠢᠯᠡᠭᠦᠤ ᠨᠠᠰᠤᠯᠠᠭᠰᠠᠨ ᠪᠢᠯᠡ᠃
ᠴᠠᠩᠴᠦ᠋ᠨ ᠪᠣᠮᠪᠣ᠂ ᠴᠢᠩᠭᠢᠰ ᠬᠠᠭᠠᠨ ᠲᠠᠢ ᠠᠭᠤᠯᠵᠠᠭᠰᠠᠨ ᠤ ᠠᠷᠪᠠᠨ ᠬᠣᠶᠠᠷ ᠵᠢᠯ ᠦᠨ ᠳᠠᠷᠠᠭ᠎ᠠ 119 ᠵᠢᠯ ᠲᠣᠭᠳᠠᠨᠢᠭᠰᠠᠨ ᠠᠯᠳᠠᠨ ᠣᠯᠣᠰ ᠮᠦᠬᠦᠪᠡ᠃ ᠲᠦᠷᠤ ᠮᠦᠬᠦᠬᠦ ᠭᠤᠨᠢᠭᠳᠤ ᠴᠠᠭ ᠮᠦᠴᠠ ᠠᠴᠠ ᠳᠣᠯᠣᠭᠠᠨ ᠵᠢᠯ ᠤᠷᠢᠳᠴᠢᠯᠠᠨ ᠨᠢᠳᠤ ᠪᠠᠨ ᠡᠭᠦᠷᠢᠳᠡ ᠠᠨᠢᠭᠰᠠᠨ ᠨᠢ ᠪᠣᠮᠪᠣ ᠶᠢᠨ ᠬᠤᠪᠢ ᠳᠤ ᠠᠵᠠ ᠪᠣᠯᠵᠠᠢ ᠭᠡᠵᠤ ᠬᠡᠯᠡᠬᠦᠶ᠎ᠡ ᠪᠡᠷᠬᠡ᠂ ᠤᠴᠢᠷ ᠨᠢ ᠲᠡᠷᠡ ᠪᠡᠷ ᠡᠨᠡ ᠭᠤᠨᠢᠭᠲᠤ ᠲᠡᠭᠦᠰᠭᠡᠯ ᠢ ᠠᠯᠢ ᠡᠷᠲᠡ ᠣᠯᠣᠭᠠᠳ ᠬᠠᠷᠠᠴᠢᠭᠰᠠᠨ ᠶᠣᠮ᠃
ᠭᠤᠷᠪᠠ᠂ ᠴᠢᠩᠭᠢᠰ ᠬᠠᠭᠠᠨ ᠴᠠᠩᠴᠦ᠋ᠨ ᠪᠣᠮᠪᠣ ᠶᠢ ᠤᠷᠢᠭᠰᠠᠨ ᠭᠠᠭᠴᠠ ᠰᠢᠯᠲᠠᠭᠠᠨ
ᠴᠢᠩᠭᠢᠰ ᠬᠠᠭᠠᠨ ᠴᠠᠩᠴᠦ᠋ᠨ ᠪᠣᠮᠪᠣ ᠲᠠᠢ ᠠᠩᠬ᠎ᠠ ᠠᠭᠤᠯᠵᠠᠮᠠᠭᠴᠠ ︽ ᠠᠷᠰᠢ ᠶᠢᠨ ᠪᠡᠶ᠎ᠡ ᠠᠯᠤᠰ ᠠᠴᠠ ᠢᠷᠡᠭᠡᠳ ᠶᠠᠮᠠᠷ ᠤᠷᠲᠤ ᠨᠠᠰᠤᠯᠠᠬᠤ ᠡᠮ ᠢᠶᠡᠷ ᠮᠡᠬᠦᠰ ᠬᠦᠮᠤᠨ ᠢ ᠲᠤᠰᠠᠯᠠᠮᠤᠢ︖︾ ᠭᠡᠵᠤ ᠠᠰᠠᠭᠤᠭᠰᠠᠨ ᠨᠢ ᠬᠢᠲᠠᠳ ᠤᠨ ᠡᠷᠲᠡᠨ ᠦ ᠬᠠᠭᠠᠳ ᠰᠢᠭ᠋ ᠮᠦᠩᠭᠡᠷᠡᠬᠦ ᠡᠷᠳᠡᠨᠢ ᠶᠢᠨ ᠷᠢᠯᠤ ᠬᠠᠢᠭᠰᠠᠨ ᠪᠢᠰᠢ ᠭᠡᠳᠡᠭ ᠨᠢ ᠲᠣᠳᠣᠷᠬᠠᠢ ᠶᠤᠮ᠃ ︽ ᠴᠠᠩᠴᠦ᠋ᠨ ᠪᠣᠮᠪᠣ ᠪᠠᠷᠠᠭᠤᠨ ᠳ᠋ᠥ ᠵᠣᠷᠴᠢᠭᠰᠠᠨ ᠲᠡᠮᠳᠡᠭᠯᠡᠯ︾ ᠢ ᠮᠣᠩᠭᠣᠯᠴᠢᠯᠠᠭᠰᠠᠨ ᠨᠦᠬᠦᠷ ︽ ᠮᠦᠩᠬᠡᠷᠡᠭᠦᠯᠬᠦ ᠡᠮ︾ ᠭᠡᠵᠤ ᠪᠤᠷᠤᠭᠤ ᠣᠷᠴᠢᠭᠤᠯᠤᠭᠰᠠᠨ ᠪᠠᠢᠨ᠎ᠠ᠃ ︽ᠴᠠᠩ ᠱᠸᠩ︾ ᠭᠡᠳᠡᠭ ᠲᠤ ᠤᠷᠲᠤ ᠨᠠᠰᠤᠯᠠᠬᠤ᠂ ᠮᠦᠩᠬᠡᠷᠡᠬᠦ ᠭᠡᠰᠡᠨ ᠬᠣᠶᠠᠷ ᠤᠳᠬ᠎ᠠ ᠪᠠᠢᠳᠠᠭ ᠪᠣᠯᠪᠠᠴᠤ ᠡᠨᠳᠡ ᠤᠷᠲᠤ ᠨᠠᠰᠤᠯᠠᠬᠤ ᠤᠳᠬ᠎ᠠ ᠪᠠᠷ ᠬᠡᠷᠡᠭᠯᠡᠭᠳᠡᠭᠰᠡᠨ ᠨᠢ ᠣᠢᠯᠠᠭᠠᠮᠵᠢᠲᠠᠢ ᠶᠤᠮ᠃ ᠶᠠᠭᠠᠬᠢᠭᠠᠳ ᠪᠤᠢ ᠭᠡᠪᠡᠯ 13 ᠳ᠋ᠤᠭᠠᠷ ᠵᠠᠭᠤᠨ ᠳᠦ ︽ ᠬᠦᠮᠤᠨ ᠮᠦᠩᠬᠡᠷᠡᠬᠦ ᠦᠭᠡᠢ︾ ᠭᠡᠳᠡᠭ ᠶᠤᠰᠤᠨ ᠢ ᠬᠦᠮᠦᠨ ᠲᠥᠷᠥᠯᠬᠢᠲᠡᠨ ᠲᠦᠭᠡᠮᠡᠯ ᠮᠡᠳᠡᠳᠡᠭ ᠪᠣᠯᠴᠢᠬᠠᠭᠰᠠᠨ ᠪᠠᠢᠵᠠᠢ᠃ ᠴᠠᠩᠴᠦ᠋ᠨ ᠢ ᠤᠷᠢᠬᠤ ᠠᠴᠠ ᠡᠮᠤᠨ᠎ᠡ᠂ ᠴᠢᠩᠭᠢᠰ ᠬᠠᠭᠠᠨ ᠰᠠᠷᠲᠠᠭᠤᠯ ᠢ ᠲᠠᠢᠯᠠᠷᠠ ᠮᠣᠷᠳᠠᠬᠤ ᠳᠤ ᠶᠢᠰᠤᠢ ᠬᠠᠳᠤᠨ ︽ ᠠᠭᠤᠯᠠ ᠮᠡᠲᠤ ᠪᠡᠶ᠎ᠡ ᠴᠢᠨᠢ ᠨᠤᠷᠠᠵᠤ ᠣᠳᠪᠠᠰᠤ᠂ ᠤᠯᠤᠰ ᠣᠯᠠᠨ ᠮᠣᠩᠭᠣᠯ ᠢ ᠴᠢᠨᠢ ᠬᠡᠨ ᠵᠠᠬᠢᠷᠬᠤ ᠪᠣᠢ︖ ᠲᠦᠷᠦᠭᠰᠡᠨ ᠲᠦᠷᠪᠡᠨ ᠬᠦᠤ ᠠᠴᠠ ᠴᠢᠨᠢ ᠲᠦᠷᠤ ᠶᠢ ᠪᠠᠷᠢᠬᠤ ᠨᠢ ᠬᠡᠨ ᠪᠤᠢ︖︾ ᠭᠡᠵᠤ ᠳᠤᠷᠠᠳᠬᠠᠬᠤ ᠳ᠋ᠥ ᠴᠢᠩᠭᠢᠰ ᠬᠠᠭᠠᠨ ︽ ᠪᠢ᠂ ᠡᠪᠤᠭᠡᠳ ᠤᠨ ᠬᠣᠢᠨ᠎ᠠ ᠠᠴᠠ ᠣᠳᠬᠤ ᠦᠭᠡᠢ ᠮᠡᠲᠤ᠂ ᠦᠪᠡᠷ ᠢᠶᠡᠨ ᠮᠠᠷᠲᠠᠭᠰᠠᠨ ᠠᠵᠤᠭᠤ᠃ ᠦᠬᠦᠯ ᠨᠠᠳᠠ ᠠᠴᠠ ᠲᠤᠭᠤᠷᠢᠬᠤ ᠮᠡᠲᠤ ᠦᠨᠡᠬᠡᠷ ᠡᠭᠦᠨ ᠢ ᠰᠠᠨᠠᠭᠰᠠᠨ ᠦᠭᠡᠢ ᠬᠡᠮᠡᠭᠡᠳ︾ ︵ ᠵᠡᠭᠦᠯᠲᠡ 28︶ ᠵᠠᠯᠭᠠᠮᠵᠢᠯᠠᠭᠴᠢ ᠶᠢᠨ ᠠᠰᠠᠭᠤᠳᠠᠯ ᠢ ᠬᠡᠯᠡᠯᠴᠡᠭᠰᠡᠨ ᠦ ᠡᠴᠤᠰ ᠲᠦ ᠦᠭᠡᠳᠡᠢ ᠶᠡᠬᠡ ᠣᠷᠣ ᠶᠢ ᠵᠠᠯᠭᠠᠬᠤ ᠬᠦᠮᠤᠨ ᠢᠶᠠᠷ ᠲᠣᠳᠤᠷᠠᠭᠰᠠᠨ ᠪᠠᠢᠳᠠᠭ᠃ ᠦᠬᠦᠯ ᠦᠨ ᠲᠤᠬᠠᠢ ᠡᠢᠮᠤ ᠲᠣᠳᠣᠷᠬᠠᠢ ᠶᠠᠷᠢᠵᠤ ᠪᠠᠢᠭᠰᠠᠨ ᠬᠦᠮᠤᠨ ᠬᠢᠲᠠᠳ ᠪᠣᠮᠪᠣ ᠶᠢ ᠬᠠᠷᠠᠩᠭᠤᠳᠠ ᠪᠤᠴᠠᠭᠠᠳ ᠮᠦᠩᠬᠡᠷᠡᠬᠦ ᠶᠢ ᠭᠣᠷᠢᠯᠠᠨᠠ ᠭᠡᠵᠤ ᠶᠠᠭᠠᠬᠢᠵᠤ ᠪᠠᠢᠬᠤᠪ᠃
ᠤᠷᠲᠤ ᠨᠠᠰᠤᠯᠠᠬᠤ ᠶᠢ ᠬᠦᠰᠡᠬᠦ ᠪᠣᠯ ᠤᠭ ᠠᠴᠠ ᠪᠠᠨ ᠬᠦᠮᠤᠨ ᠥᠲᠡᠯᠦᠭᠡᠳ ᠢᠷᠡᠬᠦ ᠪᠡᠷ ᠠᠶᠠᠨᠳᠠᠭᠠᠨ ᠮᠦᠷᠦᠭᠡᠳᠦᠳᠡᠭ ᠵᠣᠢᠯ᠂ ᠡᠭᠦᠨ ᠳᠦ ᠬᠠᠭᠠᠨ ᠬᠠᠷᠠᠴᠤ ᠶᠢᠨ ᠢᠯᠭᠠᠯ ᠪᠠᠢᠬᠤ ᠦᠭᠡᠢ᠃ ᠭᠠᠭᠴᠠ ᠬᠠᠭᠠᠨ ᠬᠦᠮᠤᠨ ᠳᠤ ᠡᠨᠡ ᠲᠠᠯ᠎ᠠ ᠶᠢᠨ ᠵᠦᠪᠯᠡᠯᠭᠡ ᠠᠪᠬᠤ ᠪᠣᠯᠣᠮᠵᠢ ᠨᠢ ᠬᠠᠷᠠᠴᠤ ᠠᠷᠠᠳ ᠲᠠᠢ ᠠᠳᠠᠯᠢᠳᠬᠠᠰᠢ ᠦᠭᠡᠢ ᠢᠯᠡᠭᠦᠤ ᠪᠠᠢᠭ᠎ᠠ᠃ ᠬᠠᠷᠢᠨ ᠴᠢᠩᠭᠢᠰ ᠬᠠᠭᠠᠨ ᠶᠠᠭᠤᠨ ᠳᠤ ᠥᠭᠡᠷ᠎ᠡ ᠡᠮᠴᠢ ᠳᠣᠮᠴᠢ ᠠᠴᠠ ᠪᠢᠰᠢ ᠡᠨᠡ ᠴᠠᠩᠴᠦ᠋ᠨ ᠪᠣᠮᠪᠣ ᠭᠡᠭᠴᠢ ᠶᠢ ᠲᠠᠭᠤᠳᠠᠵᠤ ᠠᠰᠠᠭᠤᠬᠤ ᠪᠣᠯᠣᠭᠰᠠᠨ ᠪᠣᠢ ᠭᠡᠪᠡᠯ ᠡᠨᠡ ᠨᠢ ᠬᠢᠲᠠᠳ ᠤᠨ ᠪᠣᠮᠪᠣ ᠶᠢᠨ ᠰᠤᠷᠲᠠᠬᠤᠨ ᠤ ᠣᠯᠠᠨ ᠵᠠᠭᠤᠨ ᠵᠢᠯ ᠦᠨ ᠲᠤᠷᠰᠢ ᠬᠢ ᠦᠪᠡᠷᠰᠡᠳ ᠤᠨ ᠲᠠᠯ᠎ᠠ ᠪᠠᠷ ᠥᠰᠦᠭᠡᠨ ᠳᠥᠰᠥᠭᠡᠨ ᠲᠠᠢ ᠰᠤᠷᠲᠠᠯᠴᠢᠯᠠᠯ ᠶᠠᠪᠤᠭᠤᠯᠵᠤ ᠪᠠᠢᠭᠰᠠᠨ ᠲᠠᠢ ᠬᠣᠯᠪᠤᠭ᠎ᠠ ᠲᠠᠢ ᠶᠤᠮ᠃
ᠪᠣᠮᠪᠣ ᠶᠢᠨ ᠰᠤᠷᠲᠠᠬᠤᠨ ᠤ ᠦᠨᠳᠦᠰᠦᠨ ᠵᠣᠷᠢᠯᠲᠠ ᠨᠢ ᠡᠷᠡᠭᠦᠯ ᠠᠮᠢᠳᠤᠷᠠᠬᠤ᠂ ᠤᠷᠲᠤ ᠨᠠᠰᠤᠯᠠᠬᠤ᠂ ᠠᠮᠢᠲᠠᠨ ᠳᠤ ᠲᠤᠰᠠᠯᠠᠬᠤ ᠶᠤᠮ ᠪᠠᠢᠵᠠᠢ᠃ ᠵᠣᠷᠢᠯᠲᠠ ᠳᠠᠭᠠᠨ ᠬᠦᠷᠬᠦ ᠶᠢᠨ ᠲᠥᠯᠥᠭᠡ ᠰᠡᠳᠬᠢᠯ ᠢᠶᠠᠨ ᠬᠤᠷᠢᠶᠠᠬᠤ᠂ ᠬᠣᠭᠣᠯᠠ ᠲᠠᠰᠤᠯᠬᠤ᠂ ᠬᠤᠷᠢᠴᠠᠯ ᠢ ᠬᠡᠮᠨᠡᠬᠦ᠂ ᠷᠢᠯᠤ ᠪᠦᠲᠦᠭᠡᠬᠦ ᠭᠡᠬᠦᠴᠢᠯᠡᠨ ᠠᠷᠪᠠᠭᠠᠳ ᠵᠦᠢᠯ ᠦᠨ ᠪᠢᠰᠢᠯᠭᠠᠯ ᠬᠢᠳᠡᠭ ᠶᠤᠮ ᠪᠠᠢᠨ᠎ᠠ᠃ ᠪᠣᠮᠪᠣ ᠶᠢᠨ ᠬᠢᠨ ︽ ᠤᠷᠲᠤ ᠨᠠᠰᠤᠯᠡᠳ᠋ᠠᠭ᠂ ᠮᠦᠩᠬᠡᠷᠡᠳ᠋ᠡᠭ︾ ᠭᠡᠬᠦᠴᠢᠯᠡᠨ ᠦᠨᠡᠨ ᠬᠤᠳᠠᠯ ᠨᠢ ᠣᠯᠳᠠᠬᠤ ᠦᠭᠡᠢ ᠶᠠᠭᠤᠮ᠎ᠠ ᠶᠢ ᠶᠡᠬᠡᠳᠡ ᠰᠤᠷᠲᠠᠯᠴᠢᠯᠠᠳᠠᠭ ᠤᠨ ᠤᠯᠠᠮ ᠠᠴᠠ ᠠᠮᠢᠳᠤᠷᠠᠯ ᠨᠢ ᠦᠶ᠎ᠡ ᠶᠢᠨ ᠦᠶ᠎ᠡ ᠳᠦ ᠶᠠᠮᠠᠷ ᠴᠦ ᠡᠷᠡᠮᠡᠯᠵᠡᠯᠡᠯ ᠪᠠᠢᠳᠠᠭ ᠦᠭᠡᠢ ᠬᠢᠲᠠᠳ ᠲᠠᠷᠢᠶᠠᠴᠢᠳ ᠶᠡᠬᠡᠳᠡ ᠲᠠᠲᠠᠭᠳᠠᠨ ᠴᠦᠭᠡᠨ ᠦᠭᠡᠢ ᠡᠯᠰᠡᠭᠦᠯᠦᠨ ᠣᠷᠣᠳᠠᠭ ᠪᠠᠢᠵᠠᠢ᠃ ᠮᠣᠬᠣᠷ ᠰᠦᠰᠦᠭ ᠦᠨ ᠠᠭᠤᠯᠭ᠎ᠠ ᠨᠤᠭᠤᠳ ᠨᠢ ᠬᠢᠲᠠᠳ ᠢᠷᠭᠡᠳ ᠦᠨ ᠪᠠᠯᠠᠷᠯᠢᠭ ᠬᠢᠷᠢ ᠲᠦᠪᠰᠢᠨ ᠳᠦ ᠶᠠᠪ ᠴᠠᠪ ᠵᠤᠬᠢᠴᠠᠭᠰᠠᠨ ᠪᠣᠯᠬᠤᠷ ᠨᠦᠯᠦᠭᠡ ᠶᠢᠨ ᠬᠤᠪᠢ ᠳᠤ ᠺᠦᠩᠽᠢ ᠶᠢᠨ ᠰᠤᠷᠭᠠᠯ ᠲᠠᠢ ᠪᠡᠨ ᠬᠠᠷᠢᠴᠠᠭᠤᠯᠬᠤ ᠠᠷᠭ᠎ᠠ ᠦᠭᠡᠢ ᠶᠡᠬᠡ ᠣᠷᠣᠨ ᠵᠠᠢ ᠶᠢ ᠡᠵᠡᠯᠡᠭᠰᠡᠨ ᠶᠤᠮ ᠪᠠᠢᠨ᠎ᠠ᠃ ᠶᠠᠪᠤᠭᠠᠨ ᠳᠠᠭᠠᠨ ᠵᠣᠢᠯ ᠪᠦᠷᠢ ᠶᠢᠨ ᠵᠠᠮ ᠢᠶᠠᠷ ᠬᠢᠲᠠᠳ ᠤᠨ ᠬᠢᠯᠢ ᠶᠢ ᠳᠠᠪᠠᠵᠤ᠂ ᠣᠢᠷ᠎ᠠ ᠬᠥᠷᠰᠢ ᠣᠷᠣᠨ ᠤ ᠬᠢᠨ ᠤ ᠴᠢᠬᠢᠨ ᠳᠦ ᠴᠦ ᠬᠦᠷᠬᠦ ᠨᠢ ᠲᠡᠷᠡ᠃ ᠮᠣᠩᠭᠣᠯ ᠬᠡᠯᠡᠲᠡᠨ ᠠᠢᠮᠠᠭ ᠤᠳ ᠠᠯᠢ ᠡᠷᠲᠡ ᠡᠴᠡ ᠠᠯᠲᠠᠨ ᠤᠯᠤᠰ ᠲᠠᠢ ᠬᠢᠯᠢᠯᠡᠵᠦ᠂ ᠲᠠᠢᠨ ᠳᠠᠵᠢᠨ ᠠᠷᠠᠯᠵᠢᠶ᠎ᠠ ᠬᠤᠳᠠᠯᠳᠤᠭ᠎ᠠ ᠭᠡᠳ ᠵᠤᠢᠯ ᠪᠦᠷᠢ ᠶᠢᠨ ᠬᠠᠷᠢᠯᠴᠠᠭ᠎ᠠ ᠬᠣᠯᠪᠤᠭ᠎ᠠ ᠲᠠᠢ ᠪᠠᠢᠭᠰᠠᠨ ᠤᠴᠢᠷ ᠪᠣᠮᠪᠣ ᠶᠢᠨ ᠰᠤᠷᠳᠠᠬᠤᠨ ᠬᠢᠭᠡᠳ ᠲᠡᠭᠦᠨ ᠦ ᠷᠢᠳᠢ ᠰᠢᠳᠢ ᠶᠢᠨ ᠲᠠᠯ᠎ᠠ ᠪᠠᠷ ᠠᠯᠳᠠᠨ ᠣᠨᠣᠨ ᠰᠣᠨᠣᠰᠤᠭᠰᠠᠨ ᠯᠡ ᠪᠠᠢᠬᠤ ᠶᠣᠰᠤᠲᠠᠢ᠃
ᠴᠢᠩᠭᠢᠰ ᠬᠠᠭᠠᠨ ᠬᠢᠲᠠᠳ ᠤᠨ ᠪᠣᠮᠪᠣ ᠶᠢ ᠳᠠᠭᠤᠳᠠᠵᠤ ᠤᠷᠲᠤ ᠨᠠᠰᠤᠯᠠᠬᠤ ᠲᠠᠯ᠎ᠠ ᠪᠠᠷ ᠠᠰᠠᠭᠤᠬᠤ ᠪᠣᠯᠣᠭᠰᠠᠨ ᠨᠢ ᠬᠢᠲᠠᠳ ᠲᠦᠰᠢᠮᠡᠯ ᠯᠢᠤ ᠵᠦᠩ ᠯᠤ᠋ ᠭᠡᠭᠴᠢ ᠶᠢᠨ ᠰᠡᠳᠦᠭᠰᠡᠨ ᠵᠣᠢᠯ ᠪᠣᠯᠬᠤ ᠶᠢ ᠪᠢᠳᠡ ᠵᠣᠢᠴᠢᠯᠠᠵᠤ ᠪᠣᠯᠣᠨ᠎ᠠ᠃ ᠯᠢᠤ ᠨᠢ ᠤᠭ ᠠᠴᠠ ᠪᠠᠨ ᠴᠢᠩᠭᠢᠰ ᠬᠠᠭᠠᠨ ᠤ ᠬᠢᠲᠠᠳ ᠡᠮᠴᠢ ᠪᠠᠢᠢᠵᠠᠢ ︵ ᠵᠡᠭᠦᠯᠲᠡ 29︶᠂ ᠪᠣᠮᠪᠣ ᠶᠢᠨ ᠰᠤᠷᠲᠠᠬᠤᠨ ᠤ ᠡᠷᠡᠭᠦᠯ ᠠᠮᠢᠳᠤᠷᠠᠬᠤ ᠤᠷᠲᠤ ᠨᠠᠰᠤᠯᠠᠬᠤ ᠷᠢᠳᠢ ᠰᠢᠳᠢ ᠶᠢ ᠰᠣᠨᠣᠰᠣᠭᠰᠠᠨ ᠤ ᠪᠠᠨ ᠬᠡᠮᠵᠢᠶ᠎ᠡ ᠪᠠᠷ ᠴᠢᠩᠭᠢᠰ ᠬᠠᠭᠠᠨ ᠳᠤ ᠡᠷᠭᠦᠨ ᠠᠢᠯᠠᠳᠬᠠᠬᠤ ᠨᠢ ᠲᠡᠭᠦᠨ ᠦ ᠬᠤᠪᠢ ᠳ᠋ᠥ ᠠᠵᠢᠯ ᠢᠶᠠᠨ ᠬᠢᠵᠤ ᠪᠠᠢᠬᠤ ᠬᠡᠷᠡᠭ᠃ ᠴᠢᠩᠭᠢᠰ ᠬᠠᠭᠠᠨ ᠯᠢᠤ ᠵᠦᠩ ᠯᠤ᠋ ᠳ᠋ᠥ ᠪᠠᠷᠰ ᠤᠨ ᠲᠣᠯᠣᠭᠠᠢᠲᠤ ᠫᠠᠢᠵᠠ ᠪᠠᠷᠢᠭᠤᠯᠵᠤ ᠪᠣᠮᠪᠣ ᠶᠢ ᠵᠠᠯᠠᠭᠤᠯᠬᠤ ᠪᠠᠷ ᠢᠯᠡᠭᠡᠭᠰᠡᠨ ᠨᠢ ᠶᠠᠮᠠᠷ ᠨᠢᠭᠡᠨ ᠠᠵᠢᠯ ᠢ ᠰᠠᠨᠠᠯ ᠣᠷᠣᠭᠤᠯᠤᠭᠰᠠᠨ ᠲᠦᠰᠢᠮᠡᠯ ᠢᠶᠡᠷ ᠭᠠᠷᠳᠠᠨ ᠬᠢᠯᠭᠡᠳᠡᠭ ᠬᠠᠭᠠᠨᠳᠤ ᠵᠠᠰᠠᠭᠯᠠᠯ ᠤᠨ ᠶᠡᠷᠤᠳᠡ ᠶᠢᠨ ᠶᠣᠰᠤᠨ ᠲᠠᠢ ᠨᠡᠢᠴᠡᠵᠤ ᠪᠠᠢᠬᠤ ᠶᠤᠮ᠃
ᠳᠥᠷᠪᠡ᠂ ᠴᠠᠩᠴᠦ᠋ᠨ ᠪᠣᠮᠪᠣ ᠶᠢᠨ ᠡᠷᠡᠭᠦᠯ ᠠᠮᠢᠳᠤᠷᠠᠵᠤ ᠤᠷᠲᠤ ᠨᠠᠰᠣᠯᠠᠬᠤ ᠵᠦᠪᠯᠡᠮᠵᠢ ᠶᠢᠨ ᠠᠭᠤᠯᠭ᠎ᠠ
ᠴᠠᠩᠴᠦ᠋ᠨ ᠪᠣᠮᠪᠣ ᠶᠢᠨ ᠴᠢᠩᠭᠢᠰ ᠬᠠᠭᠠᠨ ᠳᠤ ᠠᠢᠯᠠᠳᠬᠠᠭᠰᠠᠨ ᠭᠣᠣᠯ ᠵᠤᠢᠯ ᠨᠢ ᠡᠷᠡᠭᠦᠯ ᠠᠮᠢᠳᠤᠷᠠᠬᠤ ᠤᠷᠲᠤ ᠨᠠᠰᠤᠯᠠᠬᠤ ᠭᠡᠵᠤ ᠪᠢᠳᠡ ᠬᠡᠯᠡᠭᠰᠡᠨ ᠤᠴᠢᠷ ᠡᠨᠡ ᠲᠠᠯ᠎ᠠ ᠪᠡᠷ ᠲᠤᠪᠴᠢ ᠲᠡᠮᠳᠡᠭᠯᠡᠬᠦ ᠨᠢ ᠵᠦᠪ ᠪᠠᠢᠬ᠎ᠠ᠃
ᠴᠠᠩᠴᠦ᠋ᠨ ᠪᠣᠮᠪᠣ ᠶᠢᠨ ᠴᠢᠩᠭᠢᠰ ᠬᠠᠭᠠᠨ ᠳᠤ ᠪᠢᠴᠢᠵᠤ ᠥᠭᠭᠦᠭᠰᠡᠨ ᠡᠷᠡᠭᠦᠯ ᠠᠮᠢᠳᠤᠷᠠᠵᠤ ᠤᠷᠲᠤ ᠨᠠᠰᠤᠯᠠᠬᠤ ᠶᠢᠨ ᠵᠣᠷ ᠢ ᠨᠢ ᠬᠤᠷᠢᠶᠠᠩᠭᠤᠢᠯᠠᠪᠠᠯ ᠨᠢᠭᠡ ᠯᠡ ᠵᠣᠢᠯ᠄ ᠬᠤᠷᠢᠴᠠᠯ ᠢᠶᠠᠨ ᠬᠡᠮᠨᠡᠬᠦ᠃ ︽ ᠡᠭᠡᠯ ᠠᠷᠠᠳ ᠭᠠᠭᠴᠠ ᠡᠬᠡᠨᠡᠷ ᠲᠠᠢ ᠪᠠᠢᠲᠠᠯ᠎ᠠ ᠪᠠᠨ ᠬᠤᠷᠢᠴᠠᠯ ᠨᠢ ᠠᠬᠠᠳᠠᠪᠠᠯ ᠪᠡᠶ᠎ᠡ ᠨᠢ ᠮᠠᠭᠤᠲᠠᠲᠠᠭ ᠶᠤᠮ ᠴᠢᠨᠢ ᠡᠵᠡᠨ ᠲᠠ ᠣᠷᠳᠣᠨ ᠳᠦᠭᠦᠷᠡᠩ ᠡᠬᠡᠨᠡᠷ ᠦᠬᠢᠳ ᠲᠠᠢ᠂ ᠡᠷᠡᠭᠦᠯ ᠮᠡᠨᠳᠤ ᠴᠢᠨᠢ ᠶᠠᠭᠠᠬᠢᠵᠤ ᠰᠠᠢᠨ ᠪᠠᠢᠬᠤ ᠪᠤᠢ ᠳ᠋ᠠ︾ ︵ ᠵᠡᠭᠦᠯᠲᠡ30︶ ᠭᠡᠳ ᠴᠢᠩᠭᠢᠰ ᠬᠠᠭᠠᠨ ᠳᠤ ︽ ᠠᠷᠪᠠ ᠬᠣᠨᠣᠭ ᠲᠤ ᠨᠢᠭᠡ ᠤᠳᠠᠭ᠎ᠠ ᠬᠣᠷᠢᠴᠠᠯ ᠬᠢᠵᠤ ᠪᠠᠢᠬᠤ ᠳᠤ ᠬᠠᠩᠭᠠᠯᠳᠠᠲᠠᠢ︾ ︵ ᠵᠡᠭᠦᠯᠲᠡ 31︶ ᠭᠡᠵᠤ ᠪᠦᠷ ᠴᠠᠭ ᠤᠨ ᠬᠤᠪᠢᠶᠠᠷᠢ ᠶᠢ ᠰᠠᠨᠠᠯ ᠪᠣᠯᠭᠠᠵᠤ ᠪᠠᠢᠨ᠎ᠠ᠃ ︽ ᠮᠢᠩᠭ᠎ᠠ ᠬᠣᠨᠣᠭ ᠡᠮ ᠤᠤᠭᠤᠬᠤ ᠪᠠᠷ ᠢᠶᠠᠨ ᠨᠢᠭᠡ ᠰᠦᠨᠢ ᠭᠠᠭᠴᠠ ᠪᠠᠷ ᠢᠶᠠ ᠤᠨᠲᠠ ︾ ᠭᠡᠰᠡᠨ ᠬᠢᠲᠠᠳ ᠬᠡᠯᠡᠴᠠ ᠦᠭᠡ ᠪᠠᠢᠳᠠᠭ ᠢ ᠳᠡᠪᠰᠢᠭᠦᠯᠦᠯ᠎ᠡ᠃ ᠡᠷᠲᠡᠨ ᠡᠴᠡ ᠵᠦᠪᠬᠡᠨ ᠪᠣᠮᠪᠣ ᠶᠢᠨ ᠰᠤᠷᠲᠠᠬᠤᠨ ᠳᠦ ᠪᠢᠰᠢ ᠬᠢᠲᠠᠳ ᠠᠨᠠᠭᠠᠬᠤ᠂ ᠬᠢᠲᠠᠳ ᠰᠣᠶᠣᠯ ᠳᠦ ᠪᠦᠷ ᠬᠣᠷᠢᠴᠠᠯ ᠢ ᠬᠠᠮᠤᠭ ᠤᠨ ᠮᠠᠭᠤ ᠶᠠᠭᠤᠮ᠎ᠠ ᠭᠡᠵᠤ ᠦᠵᠡᠳᠡᠭ ᠪᠠᠢᠵᠠᠢ᠃ ᠨᠢᠭᠡ ᠳᠤᠰᠤᠯ ᠦᠷ᠎ᠡ ᠮᠢᠩᠭᠠᠨ ᠳᠤᠰᠤᠯ ᠴᠢᠰᠤ ᠭᠡᠰᠡᠨ ᠬᠡᠯᠡᠴᠡ ᠬᠢᠲᠠᠳ ᠬᠡᠯᠡᠨ ᠳᠦ ᠪᠠᠢᠨ᠎ᠠ᠃ ᠡᠨᠡ ᠶᠤᠰᠤ ᠨᠢ ᠨᠣᠢᠲᠠᠨ ᠴᠢᠬᠢᠭ ᠲᠠᠢ ᠭᠠᠵᠠᠷ ᠲᠤ ᠨᠣᠭᠣᠭ᠎ᠠ ᠵᠢᠮᠢᠰ ᠢᠶᠡᠷ ᠬᠣᠭᠣᠯᠠ ᠬᠦᠨᠡᠰᠤ ᠪᠣᠯᠭᠠᠳᠠᠭ ᠠᠷᠠᠳ ᠲᠦᠮᠡᠨ ᠦ ᠪᠡᠶ᠎ᠡ ᠶᠢᠨ ᠪᠠᠢᠳᠠᠯ ᠳᠤ ᠵᠣᠬᠢᠴᠠᠭᠰᠠᠨ ᠪᠠᠢᠵᠤ ᠪᠣᠯᠬᠣ ᠠᠴᠠ ᠪᠢᠰᠢ ᠡᠭᠦᠨ ᠢ ᠨᠡᠢᠲᠡ ᠬᠦᠮᠤᠨ ᠲᠥᠷᠥᠯᠬᠢᠲᠡᠨ ᠬᠦᠯᠢᠶᠡᠵᠤ ᠠᠪᠣᠨ᠎ᠠ ᠭᠡᠵᠤ ᠬᠡᠯᠡᠬᠦᠶ᠎ᠡ ᠪᠡᠷᠬᠡ᠃
ᠴᠠᠩᠴᠦ᠋ᠨ ᠪᠣᠮᠪᠣ ᠡᠮᠡᠰ ᠦᠨ ᠲᠠᠯᠠᠢ ᠳᠤ ᠵᠢᠪᠪᠤᠵᠤ ᠦᠬᠦᠳᠡᠭ ᠬᠢᠲᠠᠳ ᠬᠠᠭᠠᠳ ᠢᠶᠠᠷ ᠴᠢᠩᠭᠢᠰ ᠬᠠᠭᠠᠨ ᠢ ᠲᠥᠰᠥᠭᠡᠯᠡᠭᠰᠡᠨ ᠨᠢ ᠬᠠᠷᠠᠲᠠᠯ᠎ᠠ ᠢᠯᠡ᠃ ᠨᠡᠭᠦᠳᠡᠯᠴᠢᠳ ᠦᠨ ᠬᠠᠭᠠᠳ ᠡᠵᠡᠳ ᠰᠠᠭᠤᠷᠢᠰᠢᠯ ᠢᠷᠭᠡᠳ ᠦᠨ᠂ ᠢᠯᠠᠩᠭᠤᠶ᠎ᠠ ᠬᠢᠲᠠᠳ ᠤᠨ ᠬᠠᠭᠠᠳ ᠰᠢᠭ ᠰᠢᠷᠡᠭᠡᠨ ᠳ᠋ᠥ ᠲᠠᠯ᠎ᠠ ᠪᠥᠭᠰᠡ ᠪᠠᠨ ᠲᠠᠯᠪᠢᠮᠠᠭᠴᠠ ᠣᠷᠳᠣᠨ ᠪᠠᠷᠢᠵᠤ ᠡᠮᠡᠰ ᠦᠨ ᠬᠦᠷᠢᠶᠡᠯᠡᠩ ᠭᠠᠷᠭᠠᠳᠠᠭ ᠦᠭᠡᠢ ᠭᠡᠳᠡᠭ ᠢ ᠠᠭᠤᠢ ᠳᠤ ᠰᠠᠭᠤᠬᠰᠠᠨ ᠡᠨᠡ ᠨᠦᠬᠦᠷ ᠮᠡᠳᠡᠳᠡᠭ ᠦᠭᠡᠢ ᠪᠣᠯᠣᠯᠲᠠᠢ᠃ ᠴᠢᠩᠭᠢᠰ ᠬᠠᠭᠠᠨ ᠤ ᠨᠢᠭᠡ ᠨᠠᠰᠤ ᠪᠠᠷᠤᠭ ᠯᠡ ᠨᠡᠭᠦᠳᠡᠯ ᠣᠷᠳᠣᠨ ᠳᠤ ᠬᠣᠨᠣᠵᠤ ᠮᠣᠷᠢᠨ ᠨᠢᠷᠤᠭᠤᠨ ᠳᠡᠭᠡᠷ᠎ᠡ ᠥᠩᠭᠡᠷᠡᠭᠦᠯᠦᠭᠰᠡᠨ ᠢ ᠳᠡᠯᠡᠬᠡᠢ ᠮᠡᠳᠡᠨ᠎ᠡ᠃ ᠴᠠᠩᠴᠦ᠋ᠨ ᠪᠣᠮᠪᠣ ᠶᠢᠨ ᠬᠢᠴᠢᠶᠡᠯ ᠦᠨᠡᠨ ᠬᠡᠷᠡᠭ ᠲᠡᠭᠡᠨ ︽ ᠰᠤᠷᠤᠭᠴᠢ︾ ᠪᠠᠨ ᠪᠣᠷᠤᠭᠤ ᠰᠣᠩᠭᠤᠭᠰᠠᠨ ᠭᠡᠳᠡᠭ ᠢ ᠳᠠᠷᠠᠭᠠᠬᠢ ᠵᠤᠢᠯ ᠭᠡᠷᠡᠴᠢᠯᠡᠨ᠎ᠡ᠄ ᠴᠢᠩᠭᠢᠰ ᠬᠠᠭᠠᠨ ᠪᠣᠮᠪᠣ ᠶᠢᠨ ᠪᠦᠬᠦ ᠢᠯᠡᠳᠬᠡᠯ ᠢ ᠰᠣᠨᠣᠰᠴᠤ ᠳᠠᠭᠤᠰᠤᠭᠠᠳ ᠡᠴᠤᠰ ᠲᠤ ᠨᠢ ︽ ᠬᠡᠯᠡᠭᠰᠡᠨ ᠵᠣᠢᠯ ᠤᠳ ᠴᠢᠨᠢ ᠴᠢᠬᠤᠯᠠ᠂ ᠪᠡᠶᠡᠯᠡᠭᠦᠯᠬᠦ ᠳᠦ ᠬᠠᠷᠢᠨ ᠪᠡᠷᠬᠡ︾ ︵ ᠵᠡᠭᠦᠯᠲᠡ 32︶ ᠭᠡᠵᠤ ᠳ᠋ᠦᠩᠨᠡᠭᠰᠡᠨ ᠨᠢ ᠬᠡᠷᠡᠭ ᠳᠡᠭᠡᠷ᠎ᠡ ᠪᠡᠨ ᠪᠣᠮᠪᠣ ᠶᠢᠨ ᠰᠡᠴᠡᠯᠡᠭᠰᠡᠨ ᠢ ︽ ᠮᠢᠨᠤ ᠬᠤᠪᠢ ᠳᠤ ᠬᠦᠯᠢᠶᠡᠵᠤ ᠠᠪᠬᠤ ᠪᠣᠯᠣᠮᠵᠢ ᠦᠭᠡᠢ︾ ᠭᠡᠳᠡᠭ ᠢᠶᠡᠨ ᠳ᠋ᠢᠫᠯᠣᠮᠠᠲ ᠮᠠᠶ᠋ᠢᠭ ᠢᠶᠠᠷ ᠢᠯᠡᠳᠬᠡᠵᠡᠢ᠃
ᠲᠠᠪᠤ᠂ ︽ ᠲᠦᠷᠤ ᠶᠢ ᠵᠠᠰᠠᠬᠤ ᠤᠬᠠᠭᠠᠨ ᠢ ᠠᠰᠠᠭᠤᠬᠰᠠᠨ︾ ᠪᠣᠯᠭᠠᠵᠤ ᠦᠭᠡᠷᠡᠴᠢᠯᠡᠬᠦ ᠯᠣᠭᠢᠭ
ᠴᠢᠩᠭᠢᠰ ᠬᠠᠭᠠᠨ ᠴᠠᠩᠴᠦ᠋ᠨ ᠪᠣᠮᠪᠣ ᠶᠢ ᠳᠠᠭᠤᠳᠠᠬᠤ ᠳᠤ ᠨᠠᠰᠤᠨ ᠰᠡᠭᠦᠳᠡᠷ ᠵᠢᠷᠠ ᠭᠠᠷᠴᠤ᠂ ᠲᠠᠩᠭᠤᠳ ᠢ ᠮᠥᠬᠥᠭᠡᠬᠦ ᠡᠴᠡ ᠪᠤᠰᠤᠳ ᠨᠢᠭᠡ ᠨᠠᠰᠤᠨ ᠳᠤ ᠬᠢᠭᠰᠡᠨ ᠭᠣᠣᠯ ᠭᠣᠣᠯ ᠪᠠᠢᠯᠳᠤᠨ ᠳᠠᠭᠠᠭᠤᠯᠬᠤ ᠠᠶᠠᠨ ᠳᠠᠢᠨ ᠢᠶᠠᠨ ᠳᠠᠭᠤᠰᠬᠠᠭᠠᠳ ᠪᠠᠢᠯ᠎ᠠ᠃ ᠨᠠᠰᠤ ᠵᠢᠯ᠂ ᠲᠤᠷᠰᠢᠯᠭ᠎ᠠ ᠶᠢᠨ ᠠᠯᠢ ᠴᠦ ᠲᠠᠯ᠎ᠠ ᠠᠴᠠ ᠬᠡᠯᠡᠬᠦ ᠳᠦ ᠲᠥᠷᠥ ᠶᠢ ᠵᠠᠰᠠᠬᠤ ᠤᠬᠠᠭᠠᠨ ᠢ ᠪᠤᠰᠤᠳ ᠠᠴᠠ ᠠᠰᠠᠭᠤᠬᠤ ᠪᠢᠰᠢ ᠪᠤᠰᠤᠳ ᠲᠤ ᠵᠢᠭᠠᠬᠤ ᠱᠠᠲᠤᠨ ᠳᠦ ᠬᠦᠷᠦᠭᠰᠡᠨ ᠦᠶ᠎ᠡ ᠶᠤᠮ᠃ ᠣᠳᠣ ᠶᠢᠨ ᠤᠯᠤᠰ ᠲᠥᠷᠥᠴᠢᠳ ᠦᠨ ᠬᠢ ᠪᠡᠷ ᠪᠣᠯ ᠳᠤᠷᠠᠰᠤᠮᠵᠢ ᠪᠠᠨ ᠪᠢᠴᠢᠵᠤ ᠭᠠᠪᠢᠶ᠎ᠡ ᠪᠠᠨ ᠲᠣᠭᠠᠴᠢᠬᠤ ᠴᠠᠭ ᠪᠣᠯᠣᠭᠠᠳ ᠪᠠᠢᠵᠠᠢ᠃
ᠶᠠᠭᠠᠬᠢᠭᠠᠳ ᠨᠢᠭᠡᠨ ᠬᠠᠭᠠᠨ ᠬᠦᠮᠤᠨ ᠤᠷᠲᠤ ᠨᠠᠰᠤᠯᠠᠬᠤ ᠵᠣᠷ ᠪᠠᠢᠬᠤ ᠡᠰᠡᠬᠦ ᠶᠢ ᠠᠰᠠᠭᠤᠬᠤ ᠭᠡᠵᠤ ᠲᠢᠶᠠᠨ ᠳ᠋ᠥ ᠰᠠᠭᠤᠬᠰᠠᠨ ᠪᠣᠮᠪᠣ ᠶᠢ ᠳᠠᠭᠤᠳᠠᠵᠤ ᠠᠭᠤᠯᠵᠠᠭᠰᠠᠨ ᠬᠡᠷᠡᠭ ᠢ ︽ ᠲᠦᠷᠤ ᠶᠢ ᠵᠠᠰᠠᠬᠤ ᠤᠬᠠᠭᠠᠨ ᠢ ᠠᠰᠠᠭᠤᠬᠰᠠᠨ︾ ᠪᠣᠯᠭᠠᠵᠤ ᠦᠭᠡᠷᠡᠴᠢᠯᠡᠨ ᠵᠠᠰᠠᠵᠤ ᠪᠠᠢᠬᠤ ᠪᠣᠢ ᠭᠡᠪᠡᠯ ᠡᠭᠦᠨ ᠦ ᠰᠡᠳᠬᠢᠭᠦᠢ ᠶᠢᠨ ᠯᠣᠭᠢᠭ ᠮᠠᠰᠢ ᠬᠢᠯᠪᠠᠷ᠄ ᠵᠠᠯᠠᠭᠰᠠᠨ ᠨᠢ ᠤᠮᠠᠷᠠᠳᠤ ᠶᠢᠨ ᠵᠡᠷᠯᠢᠭ ᠤᠳ ᠤᠨ ᠬᠠᠭᠠᠨ᠂ ᠶᠠᠮᠠᠷ ᠲᠠᠭᠠᠨ ᠠᠯᠠᠵᠤ ᠪᠤᠯᠠᠬᠤ ᠠᠴᠠ ᠥᠭᠡᠷ᠎ᠡ ᠶᠢ ᠮᠡᠳᠡᠬᠦ ᠪᠢᠰᠢ᠃ ᠵᠠᠯᠠᠭᠳᠠᠵᠤ ᠣᠴᠢᠭᠰᠠᠨ ᠨᠢ ᠬᠡᠳᠤᠨ ᠮᠢᠩᠭᠠᠨ ᠵᠢᠯ ᠦᠨ ᠰᠣᠶᠣᠯ ᠢᠷᠭᠡᠨᠰᠢᠯ ᠲᠠᠢ ᠬᠢᠲᠠᠳ ᠤᠨ ᠲᠡᠭᠡᠳᠤ ᠪᠣᠮᠪᠣ᠂ ᠠᠶᠠᠨᠳᠠᠭᠠᠨ ᠪᠠᠭᠰᠢ ᠱᠠᠪᠢ ᠪᠣᠯᠵᠤ ᠯᠡ ᠲᠠᠭᠠᠷᠠᠭ᠎ᠠ︕ ᠢᠩᠬᠢᠵᠤ ᠯᠠ ᠠᠮᠠ ᠰᠡᠭᠡᠷ ᠢ ᠨᠢ ᠲᠠᠭᠠᠷᠠᠭᠤᠯᠤᠭᠰᠠᠨ ᠬᠡᠷᠡᠭ ᠶᠤᠮ᠃
ᠦᠨᠡᠨ ᠬᠡᠷᠡᠭ ᠲᠡᠭᠡᠨ ᠬᠢᠲᠠᠳ ᠤᠨ ᠨᠡᠢᠭᠡᠮ ᠳ᠋ᠥ ᠪᠣᠮᠪᠣ ᠪᠣᠯ ᠵᠠᠰᠠᠭ ᠲᠦᠷᠤ ᠳᠤ ᠶᠠᠪᠤᠳᠠᠭ ᠬᠦᠮᠦᠰ ᠪᠢᠰᠢ᠂ ᠪᠢᠰᠢᠯᠭᠠᠯ ᠬᠢᠬᠦ ᠨᠢ ᠲᠡᠳᠡᠨ ᠦ ᠭᠣᠣᠯ ᠠᠵᠢᠯ ᠪᠣᠯᠬᠤᠷ ᠬᠠᠷᠢᠨ ᠴᠦ ᠨᠡᠢᠭᠡᠮ ᠡᠴᠡ ᠵᠠᠢᠳᠠᠭᠤ ᠪᠠᠢᠳᠠᠭ᠃ ᠥᠭᠡᠷ᠎ᠡ ᠪᠡᠷ ᠬᠡᠯᠡᠪᠡᠯ ᠲᠡᠳᠡ ᠲᠦᠷᠤ ᠵᠠᠰᠠᠬᠤ ᠤᠬᠠᠭᠠᠨ ᠢ ᠮᠡᠳᠡᠳᠡᠭ ᠬᠦᠮᠤᠰ ᠪᠢᠰᠢ᠃ ᠭᠤᠢᠷᠠᠨᠴᠢ ᠶᠢ ᠪᠣᠳᠣᠪᠠᠯ ᠬᠣᠨᠣᠭ ᠤᠨ ᠭᠠᠵᠠᠷ ᠲᠠᠢ᠂ ᠨᠡᠢᠭᠡᠮ ᠦᠨ ᠬᠠᠮᠤᠭ ᠤᠨ ᠲᠣᠣᠷᠠᠳᠤ ᠳᠠᠪᠬᠤᠷᠭ᠎ᠠ ᠳᠤ ᠪᠠᠢᠳᠠᠭ ᠣᠨᠴᠠᠯᠢᠭ ᠠᠴᠠ ᠪᠠᠨ ᠪᠣᠯᠵᠤ ᠴᠦᠭᠡᠨ ᠦᠭᠡᠢ ᠲᠠᠷᠢᠶᠠᠴᠢᠨ ᠤ ᠪᠣᠰᠤᠯᠭ᠎ᠠ ᠶᠢ ᠪᠣᠮᠪᠣ ᠨᠠᠷ ᠲᠣᠯᠤᠭᠠᠢᠯᠠᠵᠤ ᠪᠠᠢᠵᠠᠢ᠃ ᠶᠤᠸᠠᠨ ᠢ ᠡᠰᠡᠷᠭᠦᠴᠡᠭᠦ ᠵᠡᠪᠰᠡᠭᠲᠦ ᠲᠡᠮᠡᠴᠡᠯ ᠦᠨ ᠱᠦᠭᠯᠦ ᠶᠢ ᠦᠯᠢᠶᠡᠭᠰᠡᠨ ᠬᠠᠨ ᠱᠠᠨ ᠲᠦᠩ ᠭᠡᠭᠴᠢ ᠪᠣᠮᠪᠣ ᠪᠦᠭᠡᠳ ᠴᠣᠬᠣᠮ ᠳᠠᠭᠠᠨ ᠡᠳᠡ ᠨᠡᠷ ᠵᠤ᠋ ᠶᠤᠸᠠᠨ ᠵᠠᠩ ᠠᠴᠠ ᠲᠦᠷᠦᠭᠦᠯᠡᠨ ᠶᠤᠸᠠᠨ ᠭᠦᠷᠤᠨ ᠤ ᠲᠠᠷ ᠢ ᠪᠠᠷᠠᠵᠤ ᠲᠦᠷᠤ ᠶᠢ ᠨᠢ ᠭᠠᠩᠬᠤᠭᠤᠯᠤᠭᠰᠠᠨ ᠶᠤᠮ᠃
ᠵᠢᠷᠭᠤᠭ᠎ᠠ᠂ ᠪᠣᠰᠤᠳ ᠵᠤᠢᠯ
1᠂ ᠴᠢᠩᠭᠢᠰ ᠬᠠᠭᠠᠨ ᠴᠠᠩᠴᠦ᠋ᠨ ᠪᠣᠮᠪᠣ ᠶᠢ ᠲᠡᠭᠷᠢ ᠶᠢᠨ ᠬᠢᠵᠠᠭᠠᠷ ᠠᠴᠠ ᠳᠠᠭᠤᠳᠠᠵᠤ ᠠᠪᠴᠢᠷᠠᠭᠠᠳ ᠦᠪᠡᠷ ᠲᠤ ᠨᠢ ᠬᠡᠷᠡᠭᠳᠡᠢ ᠵᠣᠢᠯ ᠶᠠᠭᠤ ᠴᠤ ᠣᠯᠣᠭᠰᠠᠨ ᠦᠭᠡᠢ᠃ ᠬᠠᠷᠢᠨ ᠰᠢᠨ᠎ᠡ ᠡᠵᠡᠨ ᠳᠦ ᠭᠠᠪᠢᠶ᠎ᠠ ᠪᠠᠢᠭᠤᠯᠵᠤ ᠨᠢᠭᠤᠷ ᠣᠯᠬᠤ᠂ ᠶᠠᠳᠠᠵᠤ ᠠᠮᠢ ᠨᠠᠰᠤ ᠪᠠᠨ ᠪᠠᠲᠤᠯᠠᠬᠤ ᠭᠡᠰᠡᠨ ᠴᠠᠩᠴᠦ᠋ᠨ ᠪᠣᠮᠪᠣ ᠡᠭᠦᠷᠦᠭᠡᠳ ᠳᠠᠭᠠᠭᠠᠬᠤ ᠦᠭᠡᠢ ᠣᠯᠵᠠ ᠣᠮᠣᠭ ᠲᠠᠢ ᠪᠤᠴᠠᠵᠠᠢ᠄ ᠭᠤᠷᠪᠠᠨ ᠵᠢᠯ ᠶᠠᠳᠠᠵᠤ ᠵᠣᠪᠠᠭᠰᠠᠨ ᠢ ᠨᠢ ᠥᠷᠥ ᠡᠪᠡᠳᠦᠭᠰᠡᠨ ᠦ ᠴᠦ ᠪᠣᠯᠪᠠ ᠦᠦ᠂ ᠴᠢᠩᠭᠢᠰ ᠬᠠᠭᠠᠨ ︽ ᠠᠯᠲᠠᠨ ᠪᠠᠷᠰ ᠤᠨ ᠫᠠᠢᠵᠠ ᠣᠯᠭᠤᠨ᠂ ᠪᠣᠮᠪᠣ ᠶᠢᠨ ᠶᠠᠪᠤᠳᠠᠯ ᠢ ᠴᠦᠮ ᠢᠶᠡᠷ ᠳᠡᠭᠡᠳᠤ ᠠᠷᠰᠢ ᠮᠡᠳᠡᠲᠦᠭᠡᠢ︾ ᠭᠡᠰᠡᠨ ᠢᠶᠡᠷ ᠦᠯᠦ ᠪᠠᠷᠠᠨ ︽ ᠳᠡᠯᠡᠬᠡᠢ ᠳ᠋ᠠᠬᠢᠨᠡ ᠵᠠᠷᠯᠢᠭ ᠪᠠᠭᠤᠯᠭᠠᠵᠤ ᠭᠡᠷ ᠡᠴᠡ ᠭᠠᠷᠴᠤ ᠭᠡᠯᠤᠩ ᠴᠢᠪᠠᠭᠠᠨᠴᠠ ᠪᠣᠯᠣᠭᠰᠠᠨ ᠠᠯᠢᠪᠠ ᠬᠦᠮᠤᠨ ᠴᠦᠮ ᠬᠠᠷᠢᠶᠠᠯᠠᠭᠳᠠᠬᠤ ᠬᠡᠷᠡᠭᠳᠡᠢ︾ ︵ ᠵᠡᠭᠦᠯᠲᠡ 33︶ ᠭᠡᠵᠤ ᠨᠢᠭᠡ ᠶᠣᠰᠣᠨ ᠳᠠᠭᠠᠨ ᠬᠢᠲᠠᠳ ᠤᠨ ᠱᠠᠰᠢᠨ ᠤ ᠬᠠᠭᠠᠨ ᠢᠶᠠᠷ ᠲᠣᠮᠢᠯᠠᠪᠠ᠃
ᠴᠠᠩᠴᠦ᠋ᠨ ᠪᠣᠮᠪᠣ ᠶᠢᠨ ᠴᠢᠩᠭᠢᠰ ᠬᠠᠭᠠᠨ ᠲᠠᠢ ᠠᠭᠤᠯᠵᠠᠭᠠᠳ ᠢᠷᠡᠭᠰᠡᠨ ᠨᠢ ᠬᠢᠲᠠᠳ ᠠᠷᠠᠳ ᠤᠨ ᠰᠡᠳᠬᠢᠯ ᠳᠤ ᠲᠡᠭᠷᠢ ᠳ᠋ᠥ ᠭᠠᠷᠤᠭᠠᠳ ᠢᠷᠡᠭᠰᠡᠨ ᠰᠢᠭ᠋ ᠪᠣᠯᠵᠤ ︽ ᠪᠠᠭᠰᠢ ᠶᠢ ᠪᠤᠴᠠᠵᠤ ᠢᠷᠡᠭᠰᠡᠨ ᠡᠴᠡ ᠬᠣᠢᠰᠢ ᠁ ᠡᠯ᠎ᠡ ᠡᠲᠡᠭᠡᠳ ᠦᠨ ᠪᠣᠮᠪᠣ ᠡᠭᠦᠯᠡ ᠮᠡᠲᠤ ᠬᠤᠷᠠᠵᠤ ᠁ ᠰᠤᠷᠭᠠᠯ ᠤᠨ ᠡᠭᠦᠳᠡ ᠲᠦᠷᠪᠡᠨ ᠵᠦᠭ ᠲᠦ ᠨᠡᠭᠡᠭᠡᠭᠳᠡᠨ ᠥᠩᠭᠡᠷᠡᠭᠰᠡᠨ ᠡᠴᠡ ᠵᠠᠭᠤᠨ ᠳᠠᠬᠢᠨ ᠬᠦᠭᠵᠢᠭᠰᠡᠨ ᠪᠠᠢᠳᠠᠯ ᠲᠠᠢ ᠪᠣᠯᠣᠭᠠᠳ︾ ︵ ᠵᠡᠭᠦᠯᠲᠡ 34︶ ᠭᠡᠵᠤ ᠯᠢ ᡁᠢ ᠴᠠᠩ ᠪᠠᠶᠠᠷᠬᠠᠨ ᠲᠡᠮᠳᠡᠭᠯᠡᠵᠡᠢ᠃ ᠴᠠᠩᠴᠦ᠋ᠨ ᠪᠣᠮᠪᠣ ᠢᠷᠡᠭᠡᠳᠦᠢ ᠶᠢᠨ ᠡᠵᠡᠨ ᠡᠴᠡ ᠣᠯᠭᠣᠭᠰᠠᠨ ᠠᠯᠪᠠᠨ ᠲᠤᠰᠢᠶᠠᠯ ᠡᠷᠬᠡ ᠰᠦᠷ ᠢᠶᠡᠨ ᠠᠰᠢᠭᠯᠠᠨ ᠪᠣᠮᠪᠣ ᠶᠢᠨ ᠰᠤᠷᠳᠠᠬᠤᠨ᠂ ᠢᠯᠠᠩᠭᠤᠶ᠎ᠠ ᠴᠢᠤᠸᠠᠨ ᠵᠸᠠ ᠳ᠋ᠣᠤ ᠰᠤᠷᠭᠠᠯ ᠢᠶᠠᠨ ᠶᠡᠬᠡᠳᠡ ᠳᠡᠯᠭᠡᠷᠡᠭᠦᠯᠵᠦ ᠲᠡᠤᠬᠡᠨ ᠳ᠋ᠥ ᠨᠡᠷ᠎ᠡ ᠪᠠᠨ ᠬᠣᠴᠣᠷᠭᠠᠵᠠᠢ᠃ ᠬᠢᠲᠠᠳ ᠲᠡᠤᠬᠡᠴᠢᠳ ︽ ᠶᠤᠸᠠᠨ ᠤ ᠦᠶ᠎ᠡ ᠳᠦ ᠪᠣᠮᠪᠣ ᠶᠡᠬᠡ ᠴᠡᠴᠡᠭᠯᠡᠭᠰᠡᠨ︾ ᠭᠡᠵᠤ ᠪᠢᠴᠢᠳᠡᠭ ᠦᠨ ᠴᠣᠬᠣᠮ ᠡᠬᠢᠯᠡᠯᠲᠡ ᠨᠢ ᠡᠨᠳᠡ ᠪᠠᠢᠭ᠎ᠠ ᠶᠤᠮ᠃
2᠂ ᠴᠠᠩᠴᠦ᠋ᠨ ᠪᠣᠮᠪᠣ ᠶᠢ ᠠᠯᠲᠠᠨ ᠤᠯᠤᠰ ᠤᠨ ᠲᠠᠩᠨᠠᠭᠤᠯ᠂ ᠮᠣᠩᠭᠣᠯ ᠴᠡᠷᠢᠭ ᠤᠨ ᠪᠠᠢᠳᠠᠯ ᠢ ᠣᠢᠯᠠᠭᠠᠭᠤᠯᠬᠤ ᠪᠠᠷ ᠶᠠᠪᠤᠭᠤᠯᠤᠭᠰᠠᠨ ᠭᠡᠵᠤ ᠮᠣᠩᠭᠣᠯ ᠲᠡᠤᠬᠡᠴᠢᠳ ᠤᠨ ᠬᠠᠷᠠᠳᠠᠬᠤ᠂ ᠬᠢᠲᠠᠳ ᠲᠡᠤᠬᠡᠴᠢᠳ ᠤᠨ ᠥᠭᠡᠷ᠎ᠡ ᠨᠢᠭᠡᠨ ᠲᠠᠯ᠎ᠠ ᠠᠴᠠ ᠡᠷᠭᠦᠨ ᠮᠠᠭᠲᠠᠬᠤ ᠭᠡᠰᠡᠨ ᠣᠷᠣᠯᠳᠤᠯᠭ᠎ᠠ ᠶᠢᠨ ᠠᠯᠢᠨ ᠴᠦ ᠪᠦᠲᠦᠬᠦ ᠦᠭᠡᠢ ᠶᠤᠮ᠃ ᠠᠯᠳᠠᠨ ᠤᠯᠤᠰ ᠤᠨ ᠨᠡᠢᠰᠯᠠᠯ᠂ ᠭᠠᠵᠠᠷ ᠨᠤᠲᠤᠭ ᠤᠨ ᠭᠤᠷᠪᠠᠨ ᠤ ᠨᠢᠭᠡ ᠨᠢ ᠡᠵᠡᠯᠡᠭᠳᠡᠵᠦ᠂ ᠮᠣᠩᠭᠣᠯ ᠴᠡᠷᠢᠭ ᠦᠨ ᠪᠠᠢᠳᠠᠯ ᠢ ᠭᠡᠷ ᠦᠨ ᠬᠠᠶᠠᠭᠠᠨ ᠳᠠᠭᠠᠨ ᠬᠠᠷᠠᠵᠤ ᠪᠠᠢᠵᠤ ᠵᠦᠷᠢᠭᠡᠳ ᠬᠠᠮᠢᠭ᠎ᠠ ᠬᠣᠯᠠ ᠳᠤᠮᠳᠠᠳᠤ ᠠᠽᠢᠶ᠎ᠠ ᠳᠤ ᠬᠦᠷᠴᠦ ᠮᠣᠩᠭᠣᠯ ᠴᠡᠷᠢᠭ ᠢ ᠲᠠᠩᠨᠠᠨᠠ ᠭᠡᠰᠡᠨ ᠲᠡᠨᠡᠭ ᠶᠠᠭᠤᠮ᠎ᠠ ᠶᠠᠭᠠᠬᠢᠵᠤ ᠪᠠᠢᠬᠤᠪ᠃
3᠂ ᠪᠢᠳᠡ ᠲᠡᠯᠡᠬᠡᠢ ᠶᠢᠨ ᠤᠯᠤᠰ ᠲᠥᠷᠥ ᠶᠢᠨ ᠭᠠᠵᠠᠷ ᠤᠨ ᠵᠢᠷᠤᠭ ᠢ ᠬᠠᠷᠠᠵᠤ ᠬᠡᠯᠡᠪᠡᠯ᠂ ᠠᠷᠪᠠᠨ ᠭᠤᠷᠪᠠᠳᠤᠭᠠᠷ ᠵᠠᠭᠤᠨ ᠳᠦ ᠪᠠᠢᠭ᠂ ᠥᠨᠥ ᠴᠦ ᠪᠣᠯᠣᠭ᠂ ᠴᠠᠩᠴᠦ᠋ᠨ ᠪᠣᠮᠪᠣ ᠪᠣᠯ ᠨᠡᠷ᠎ᠡ ᠨᠢ ᠨᠢᠳᠡᠷ ᠲᠡᠬᠡᠨ ᠨᠡᠢᠴᠡᠭᠰᠡᠨ ᠡᠬᠡ ᠣᠷᠣᠨ ᠠᠴᠠ ᠪᠠᠨ ᠤᠷᠪᠠᠭᠴᠢ ᠶᠤᠮ᠃ ᠬᠦᠴᠤᠷᠬᠡᠭ ᠬᠠᠷᠢ ᠶᠢᠨ ᠲᠦᠷᠢᠮᠡᠬᠡᠢᠯᠡᠭᠴᠢ ᠶᠢᠨ ᠲᠠᠭᠤᠳᠠᠯᠭ᠎ᠠ ᠶᠢ ᠣᠯᠣᠩᠭᠣᠳᠠ ᠰᠢᠷᠬ᠎ᠠ ᠰᠣᠷᠪᠢ ᠪᠠᠷ ᠳᠦᠭᠦᠷᠦᠭᠰᠡᠨ ᠡᠬᠡ ᠣᠷᠣᠨ ᠢᠶᠠᠨ ᠣᠷᠬᠢᠨ ᠣᠳᠣᠭᠠᠳ ᠲᠦᠷᠢᠮᠡᠬᠡᠢ ᠴᠡᠷᠢᠭ ᠦᠨ ᠶᠡᠷᠤᠩᠬᠡᠢ ᠺᠣᠮᠠᠨᠳᠠᠯᠠᠭᠴᠢ ᠳᠤ ᠬᠡᠷᠬᠢᠨ ᠤᠷᠲᠤ ᠨᠠᠰᠤᠯᠠᠬᠤ ᠶᠢ ᠮᠡᠳᠡᠳᠡᠭ ᠢᠶᠡᠨ ᠰᠢᠪᠬᠠᠨ ᠵᠦᠪᠯᠡᠵᠤ ᠪᠠᠢᠨ᠎ᠠ᠃ ᠬᠡᠷᠪᠡ ᠡᠢᠮᠦ ᠬᠥᠮᠥᠨ ᠢ ᠤᠷᠪᠠᠭᠴᠢ ᠭᠡᠬᠦ ᠦᠭᠡᠢ ᠭᠡᠳᠡᠷᠭᠦ ᠪᠡᠨ ᠮᠤᠨᠳᠠᠭ᠂ ᠰᠠᠢᠨ ᠬᠦᠮᠤᠨ ᠭᠡᠵᠤ ᠦᠨᠡᠯᠡᠵᠤ ᠪᠠᠢᠪᠠᠯ ᠲᠡᠷᠡ ᠦᠨᠳᠦᠰᠦᠲᠡᠨ ᠳᠤ ᠬᠡᠵᠢᠶ᠎ᠡ ᠴᠦ ᠵᠥᠪ ᠪᠤᠷᠤᠭᠤ ᠦᠨᠡᠨ ᠬᠤᠳᠠᠯ ᠤᠨ ᠪᠠᠷᠢᠮᠵᠢᠶ᠎ᠠ ᠪᠠᠢᠳᠠᠭ ᠦᠭᠡᠢ᠂ ᠠᠶᠠᠭᠦᠢ ᠪᠣᠯ ᠤᠷᠪᠠᠭᠴᠢ ᠶᠢ ᠲᠡᠭᠡᠳᠦᠯᠡᠳᠡᠭ ᠭᠡᠰᠡᠨ ᠦᠭᠡ᠃
4᠂ ᠴᠢᠩᠭᠢᠰ ᠬᠠᠭᠠᠨ ᠤ ᠴᠠᠩᠴᠦ᠋ᠨ ᠪᠣᠮᠪᠣ ᠳᠤ ᠢᠯᠡᠭᠡᠭᠰᠡᠨ ︽ ᠤᠷᠢᠯᠭ᠎ᠠ ᠦᠨ ᠪᠢᠴᠢᠭ︾ ᠭᠡᠳᠡᠭ ᠵᠣᠭᠢᠶᠠᠮᠠᠯ ᠵᠣᠢᠯ ᠪᠠᠢᠬᠤ ᠶᠢ ᠳᠤᠷᠠᠳᠤᠭᠠᠳ ᠥᠩᠭᠡᠷᠡᠶᠡ᠃ ︽ᠪᠠᠷᠠᠭᠤᠨ ᠳ᠋ᠥ ᠵᠣᠷᠴᠢᠭᠰᠠᠨ ᠲᠡᠮᠳᠡᠭᠯᠡᠯ︾ ᠦᠨ ᠤᠭ ᠡᠬᠡ ᠳ᠋ᠥ ᠪᠠᠷᠰ ᠤᠨ ᠲᠣᠯᠣᠭᠠᠢᠲᠤ ᠠᠯᠲᠠᠨ ᠫᠠᠢᠵᠠ ᠵᠡᠭᠦᠭᠰᠡᠨ ︽ ᠬᠣᠷᠢ ᠭᠠᠷᠤᠢ ᠮᠣᠩᠭᠣᠯ ᠬᠦᠮᠤᠨ ᠢᠷᠡᠵᠤ ᠵᠠᠷᠯᠢᠭ ᠤᠯᠠᠮᠵᠢᠯᠠᠨ ᠪᠠᠭᠰᠢ ᠶᠢ ᠤᠷᠢᠨ ᠵᠠᠯᠠᠪᠠᠢ︾ ︵ᠵᠡᠭᠦᠯᠲᠡ 35︶ ᠭᠡᠰᠡᠨ ᠡᠴᠡ ᠥᠭᠡᠷ᠎ᠡ ᠶᠠᠮᠠᠷ ᠴᠦ ᠤᠷᠢᠯᠭ᠎ᠠ ᠶᠢᠨ ᠪᠢᠴᠢᠭ ᠬᠡᠮᠡᠬᠦ ᠵᠤᠢᠯ ᠭᠠᠷᠳᠠᠭ ᠦᠭᠡᠢ᠃ ︽ᠰᠤᠷᠭᠠᠯ ᠢ ᠲᠠᠢᠯᠪᠤᠷᠢᠯᠠᠭᠰᠠᠨ ᠬᠤᠷᠠᠯ ᠤᠨ ᠲᠡᠮᠳᠡᠭᠯᠡᠯ︾ ᠳᠦ ᠮᠦᠨ ᠡᠨᠡ ᠲᠠᠯ᠎ᠠ ᠶᠢᠨ ᠶᠠᠮᠠᠷ ᠴᠤ ᠮᠡᠳᠡᠭᠡᠯᠡᠯ ᠪᠠᠢᠬᠤ ᠦᠭᠡᠢ ᠶᠤᠮ᠃ ᠡᠨᠡ ᠪᠣᠯ ︽ ᠪᠠᠷᠠᠭᠤᠨ ᠳᠤ ᠵᠣᠷᠴᠢᠭᠰᠠᠨ ᠲᠡᠮᠳᠡᠭᠯᠡᠯ︾ ᠢ 1926 ᠣᠨ ᠳᠤ ᠬᠢᠲᠠᠳ ᠬᠡᠯᠡ ᠪᠡᠷ ᠬᠡᠪᠯᠡᠭᠦᠯᠬᠦ ᠳ᠋ᠥ ᠮᠣᠩᠭᠣᠯᠴᠢ ᠡᠷᠳᠡᠮᠲᠡᠨ᠂ ᠬᠢᠲᠠᠳ ᠬᠦᠮᠤᠨ ᠸᠠᠩ ᠭᠦᠸ᠋ᠸ ᠸᠸᠢ ᠲᠠᠢᠯᠪᠤᠷᠢ ᠮᠠᠶ᠋ᠢᠭ ᠢᠶᠠᠷ ᠨᠡᠮᠡᠵᠦ ᠣᠷᠣᠭᠤᠯᠤᠭᠰᠠᠨ ᠵᠣᠢᠯ ᠶᠤᠮ᠃ ᠸᠠᠩ ᠨᠢ ︽ ᠤᠷᠢᠯᠭ᠎ᠠ ᠶᠢᠨ ᠪᠢᠴᠢᠭ︾ ᠢ ︽ ᠴᠦᠸ᠋ᠸ ᠭᠸᠩ ᠯᠤ᠋ ᠪᠢᠴᠢᠭ︾ᠡᠴᠡ ᠰᠢᠯᠵᠢᠭᠦᠯᠦᠭᠰᠡᠨ ᠭᠡᠳᠡᠭ ᠢᠶᠡᠨ ᠲᠣᠳᠣᠷᠬᠠᠢ ᠲᠤᠰᠢᠶᠠᠵᠠᠢ ︵ᠵᠡᠭᠦᠯᠲᠡ 36︶᠃ ︽ ᠴᠦᠸ᠋ᠸ ᠭᠸᠩ ᠯᠤ᠋ ᠪᠢᠴᠢᠭ︾ ᠨᠢ ᠲᠡᠤᠬᠡ ᠶᠢᠨ ᠨᠣᠮ ᠪᠢᠰᠢ᠂ ᠲᠠᠭᠤᠤ ᠰᠢᠯᠦᠭ᠂ ᠠᠮᠠᠨ ᠵᠣᠬᠢᠶᠠᠯ᠂ ᠣᠷᠳᠣᠨ ᠤ ᠦᠯᠢᠭᠡᠷ᠂ ᠲᠣᠮᠣᠭ᠂ ᠴᠢᠳᠬᠦᠷ ᠦᠨ ᠦᠯᠢᠭᠡᠷ ᠁ ᠢ ᠪᠠᠭᠲᠠᠭᠠᠭᠰᠠᠨ ᠡᠷᠢᠶᠡᠪᠡᠷ ᠬᠤᠷᠢᠶᠠᠪᠠᠷ ᠬᠤᠪᠢ ᠬᠦᠮᠤᠨ ᠤ ᠲᠡᠭᠦᠪᠤᠷᠢ ᠵᠣᠬᠢᠶᠠᠯ᠂ ᠴᠠᠩᠴᠦ᠋ᠨ ᠪᠣᠮᠪᠣ ᠶᠢᠨ ᠠᠶᠠᠯᠠᠯ ᠠᠴᠠ 143 ᠵᠢᠯ ᠦᠨ ᠲᠠᠷᠠᠭ᠎ᠠ ᠬᠡᠪᠯᠡᠭᠳᠡᠭᠰᠡᠨ ᠪᠦᠲᠦᠭᠡᠯ ᠶᠤᠮ᠃ ᠵᠣᠬᠢᠶᠠᠭᠴᠢ ᠨᠢ ᠲᠣᠤ ᠽᠦᠩ ᠢ ᠭᠡᠭᠴᠢ ᠪᠣᠮᠪᠣ ᠶᠢᠨ ᠰᠤᠷᠳᠠᠬᠤᠨ ᠰᠢᠲᠦᠭᠴᠢ ᠪᠢᠰᠢ᠂ ᠴᠠᠩᠴᠦ᠋ᠨ ᠪᠣᠮᠪᠣ ᠶᠢ ᠰᠣᠳᠤᠯᠤᠭᠴᠢ ᠪᠢᠰᠢ᠂ ᠴᠠᠩᠴᠦ᠋ᠨ ᠪᠣᠮᠪᠣ ᠶᠢᠨ ᠠᠶᠠᠯᠠᠯ ᠤᠨ ᠲᠠᠯ᠎ᠠ ᠪᠠᠷ ᠨᠣᠮ ᠪᠦᠲᠦᠭᠡᠯ ᠲᠤᠭᠤᠷᠪᠢᠭᠰᠠᠨ ᠬᠦᠮᠤᠨ ᠴᠦ ᠪᠢᠰᠢ᠂ ᠠᠭᠯᠠᠭ ᠬᠡᠭᠡᠷ᠎ᠡ ᠠᠮᠢᠳᠤᠷᠠᠭᠰᠠᠨ ᠨᠣᠮ ᠪᠢᠴᠢᠭ ᠲᠦ ᠬᠣᠷᠤᠬᠠᠲᠠᠢ ᠲᠠᠷᠢᠶᠠᠴᠢᠨ ᠡᠷ᠎ᠡ᠂ ᠰᠣᠨᠣᠰᠬᠠᠯ ᠤᠨ ᠲᠡᠤᠬᠡ ᠴᠦᠭᠡᠨ ᠦᠭᠡᠢ ᠪᠢᠴᠢᠭᠰᠡᠨ ᠪᠠᠢᠵᠠᠢ᠃ ︽ ᠴᠦᠸ᠋ᠸ ᠭᠸᠩ ᠯᠤ᠋ ᠪᠢᠴᠢᠭ︾ ᠲᠤ ᠵᠦᠭᠡᠷ ᠯᠡ ᠴᠢᠩᠭᠢᠰ ᠬᠠᠭᠠᠨ ᠤ ᠤᠷᠢᠯᠭ᠎ᠠ ᠬᠢᠭᠡᠳ ᠴᠠᠩᠴᠦ᠋ᠨ ᠪᠣᠮᠪᠣ ᠠᠴᠠ ᠴᠢᠩᠭᠢᠰ ᠬᠠᠭᠠᠨ ᠳ᠋ᠥ ᠪᠢᠴᠢᠭᠰᠡᠨ ᠬᠠᠷᠢᠭᠤ ᠭᠡᠳᠡᠭ ᠬᠣᠶᠠᠷ ᠵᠠᠬᠢᠶ᠎ᠠ ᠪᠠᠢᠬᠤ ᠶᠤᠮ᠃ ᠬᠣᠶᠠᠭᠤᠯᠠ ᠪᠠᠨ ᠵᠣᠭᠢᠶᠠᠮᠠᠯ ᠭᠡᠵᠤ ᠬᠡᠯᠡᠬᠦ ᠶᠢᠨ ᠦᠨᠳᠤᠰᠤᠯᠡᠯ ᠪᠢᠳᠡᠨ ᠳᠦ ᠪᠠᠢᠨ᠎ᠠ᠄ ᠨᠢᠭᠡ ᠳᠦ ᠵᠠᠬᠢᠶ᠎ᠠ ᠶᠢᠨ ᠢᠷᠡᠯ ᠭᠠᠷᠤᠯ ᠭᠡᠵᠤ ᠣᠭᠲᠣ ᠳᠤᠷᠠᠳᠤᠭᠰᠠᠨ ᠦᠭᠡᠢ᠃ ᠬᠣᠶᠠᠷ ᠲᠤ ᠰᠣᠨᠢᠨ ᠰᠡᠳᠬᠦᠯ ᠮᠡᠲᠦ ᠶᠢᠨ ᠮᠡᠳᠡᠭᠡᠯᠡᠯ ᠦᠨ ᠬᠡᠷᠡᠭᠰᠡᠯ ᠦᠭᠡᠢ ᠡᠷᠢᠨ ᠳᠦ ᠨᠢᠭᠡᠨ ᠲᠠᠷᠢᠶᠠᠴᠢᠨ ᠡᠷ᠎ᠡ᠂ ᠬᠠᠭᠠᠨ ᠬᠦᠮᠤᠨ ᠤ ᠳᠣᠪᠲᠣᠯᠭᠠᠭᠰᠠᠨ ᠵᠠᠬᠢᠶ᠎ᠠ ᠶᠢ ᠬᠠᠮᠢᠭ᠎ᠠ ᠠᠴᠠ ᠣᠯᠵᠤ ᠦᠵᠡᠬᠦ ᠪᠣᠢ︖ ᠭᠤᠷᠪᠠ ᠳᠤ ᠴᠠᠩᠴᠦ᠋ᠨ ᠪᠣᠮᠪᠤ ᠶᠢᠨ ᠴᠢᠩᠭᠢᠰ ᠬᠠᠭᠠᠨ ᠲᠠᠢ ᠠᠭᠤᠯᠵᠠᠭᠰᠠᠨ ᠨᠢ ᠬᠢᠲᠠᠳ ᠬᠦᠮᠤᠰ ᠤᠨ ᠰᠡᠳᠬᠢᠯ ᠳᠦ ᠰᠡᠳᠬᠢᠰᠢ ᠦᠭᠡᠢ ᠪᠠᠭᠠᠳᠤᠷᠯᠢᠭ ᠦᠢᠯᠡ ᠬᠡᠷᠡᠭ ᠪᠣᠯᠣᠭᠰᠠᠨ ᠲᠤᠯᠠ ᠠᠮᠠ ᠳᠠᠮᠵᠢᠭᠳᠠᠨ ᠶᠠᠷᠢᠭᠳᠠᠵᠤ ᠪᠠᠢᠭᠰᠠᠨ ᠨᠢ ᠮᠡᠳᠡᠭᠡᠵᠢ᠃ ᠲᠣᠤ ᠰᠦᠩ ᠢ ᠨᠢ ᠶᠤᠸᠠᠨ ᠤᠯᠤᠰ ᠤᠨ ᠦᠶ᠎ᠡ ᠳᠦ ᠠᠮᠢᠳᠤᠷᠠᠵᠤ ᠪᠠᠢᠭᠰᠠᠨ ᠬᠦᠮᠤᠨ ᠪᠣᠯᠬᠣᠷ ᠲᠣᠮᠣᠭ ᠪᠣᠯᠣᠭᠰᠠᠨ ᠡᠨᠡ ᠦᠯᠢᠭᠡᠷ ᠤᠨ ᠵᠤᠢᠯ ᠪᠦᠷᠢ ᠶᠢᠨ ᠬᠤᠪᠢᠯᠪᠤᠷᠢ ᠶᠢ ᠰᠣᠨᠣᠰᠤᠭᠰᠠᠨ ᠯᠡ ᠪᠠᠢᠵᠤ ᠲᠠᠭᠠᠷᠠᠨ᠎ᠠ᠃ ᠲᠡᠭᠡᠭᠡᠳ ᠴᠢᠳᠬᠦᠷ ᠦᠨ ᠦᠯᠢᠭᠡᠷ ᠪᠢᠴᠢᠳᠡᠭ ᠠᠪᠢᠶᠠᠰ ᠢᠶᠠᠷ ᠢᠶᠠᠨ ᠬᠣᠶᠠᠷ ᠬᠦᠭᠰᠢᠨ ᠢ ᠪᠡᠶ᠎ᠡ ᠪᠡᠶ᠎ᠡ ᠳᠡᠬᠡᠨ ᠵᠠᠬᠢᠶ᠎ᠠ ︽ ᠪᠢᠴᠢᠭᠦᠯᠦᠭᠰᠡᠨ︾ ᠬᠡᠷᠡᠭ᠃ ᠳᠥᠷᠪᠡ ᠳᠦ ᠠᠯᠢ ᠠᠯᠢᠨ ᠠᠴᠠ ᠴᠢᠬᠤᠯᠠ ᠨᠢ ᠯᠢ ᡁᠢ ᠴᠠᠩ ᠴᠢᠩᠭᠢᠰ ᠬᠠᠭᠠᠨ ᠤ ᠢᠯᠡᠭᠡᠭᠰᠡᠨ ᠠᠯᠲᠠᠨ ᠫᠠᠢᠵᠠ᠂ ᠢᠷᠡᠭᠰᠡᠨ ᠬᠦᠮᠤᠨ ᠤ ᠲᠣᠭ᠎ᠠ ᠶᠢ ᠮᠠᠰᠢ ᠲᠣᠳᠣᠷᠬᠠᠢ ᠪᠢᠴᠢᠭᠰᠡᠨ᠂ ᠬᠡᠷᠪᠡ ᠶᠡᠬᠡ ᠬᠠᠭᠠᠨ ᠤ ᠤᠷᠢᠯᠭ᠎ᠠ ᠭᠡᠵᠦ ᠴᠠᠭᠠᠰᠤᠨ ᠳᠤ ᠪᠢᠴᠢᠭᠳᠡᠭᠰᠡᠨ ᠵᠣᠢᠯ ᠨᠡᠭᠡᠷᠡᠨ ᠪᠠᠢᠭᠰᠠᠨ ᠪᠣᠯ ᠪᠠᠭᠰᠢ ᠱᠠᠪᠢ ᠶᠢᠨ ᠵᠢᠩᠬᠢᠨᠢ ᠪᠠᠬᠠᠷᠬᠠᠵᠤ ᠭᠠᠢᠬᠠᠭᠤᠯᠬᠤ ᠵᠤᠢᠯ᠂ ᠪᠦᠬᠦ ᠠᠭᠤᠯᠭ᠎ᠠ ᠶᠢ ᠨᠢ ᠣᠷᠣᠭᠤᠯᠬᠤ ᠦᠭᠡᠢ ᠶᠤᠮ ᠭᠡᠬᠦ ᠳᠦ ᠣᠭᠲᠣ ᠳᠤᠷᠠᠳᠤᠯ ᠦᠭᠡᠢ ᠥᠩᠭᠡᠷᠡᠬᠦ ᠶᠣᠰᠤᠨ ᠦᠭᠡᠢ ᠶᠤᠮ᠃
ᠸᠠᠩ ᠭᠦᠸ᠋ᠸ ᠸᠸᠢ ᠨᠢ ᠲᠤᠮᠳᠠᠳᠤ ᠢᠷᠭᠡᠨ ᠤᠯᠤᠰ ᠤᠨ ᠦᠶ᠎ᠡ ᠶᠢᠨ ᠶᠡᠬᠡ ᠡᠷᠳᠡᠮᠲᠡᠨ ᠭᠡᠭᠳᠡᠳᠡᠭ ᠠᠲᠠᠯ᠎ᠠ ᠶᠠᠭᠤᠨ ᠳᠤ ᠤᠷᠠᠨ ᠵᠤᠬᠢᠶᠠᠯ ᠤᠨ ᠰᠢᠨᠵᠢ ᠲᠠᠢ ᠬᠤᠪᠢ ᠬᠦᠮᠤᠨ ᠤ ᠲᠡᠭᠦᠪᠦᠷᠢ ᠵᠣᠬᠢᠶᠠᠯ ᠠᠴᠠ ᠢᠷᠡᠯ ᠭᠠᠷᠤᠯ ᠨᠢ ᠲᠣᠳᠤ ᠦᠭᠡᠢ ᠵᠣᠢᠯ ᠢ ᠰᠢᠭᠤᠳ ᠲᠡᠤᠬᠡᠨ ᠰᠤᠷᠪᠣᠯᠵᠢ ᠳᠤ ᠨᠡᠮᠡᠵᠤ ᠣᠷᠣᠭᠤᠯᠤᠭᠰᠠᠨ ᠢ ᠨᠢ ᠣᠢᠯᠠᠭᠠᠬᠤ ᠳᠦ ᠪᠡᠷᠬᠡ᠃ ᠢᠯᠠᠩᠭᠤᠶ᠎ᠠ ᠮᠣᠩᠭᠣᠯ ᠲᠡᠤᠬᠡᠴᠢᠳ ᠡᠭᠦᠨ ᠢ ᠣᠭᠲᠣ ᠨᠢᠭᠲᠠᠯᠠᠯ ᠦᠭᠡᠢ ᠦᠨᠡᠨ ᠪᠣᠯᠭᠠᠨ ᠣᠷᠴᠢᠭᠤᠯᠵᠤ᠂ ᠪᠠᠷᠢᠮᠲᠠ ᠪᠣᠯᠭᠠᠨ ᠡᠰᠢᠯᠡᠵᠤ ᠪᠠᠢᠬᠤ ᠶᠢ ᠪᠦᠷ ᠴᠦ ᠣᠢᠯᠠᠭᠠᠵᠤ ᠶᠠᠳᠠᠨ᠎ᠠ᠃
ᠵᠡᠭᠦᠯᠲᠡ
1᠂ ︽元史 丘处机传︾ ᠃
2᠂ ᠬᠢᠲᠠᠳ ᠬᠡᠯᠡᠨ ᠦ ᠸᠢᠺᠢᠫᠢᠳᠢᠶᠠ᠂ ᠪᠠᠢᠳᠤᠪᠠᠢᠺᠸ ᠳ᠋ᠥ᠃
3᠂ ︽止杀令︾ ᠃
4᠂ ︽ ᠴᠢᠩᠭᠢᠰ ᠬᠠᠭᠠᠨ ᠤ ᠲᠤᠪᠴᠢᠶᠡᠨ︾᠂ ᠰᠠᠢᠰᠢᠶᠠᠯ ᠵᠤᠭᠢᠶᠠᠪᠠ᠂ 2019 ᠣᠨ ᠤ ᠬᠡᠪᠯᠡᠯ᠂ ᠳᠣᠣᠷᠠᠳᠤ ᠳᠡᠪᠲᠡᠷ ᠦᠨ 594 ᠳ᠋ᠤᠭᠡᠷ ᠨᠢᠭᠤᠷ ᠲᠤ᠃
5᠂ ︽ ᠮᠣᠩᠭᠣᠯ ᠤᠨ ᠲᠡᠤᠬᠡ︾᠂ ᠴ᠂ ᠲᠠᠯᠠᠢ ᠵᠣᠬᠢᠶᠠᠪᠠ᠂ ᠲᠡᠳ᠋ ᠲᠡᠪᠲᠡᠷ᠂ 178 ᠳ᠋ᠤᠭᠠᠷ ᠨᠢᠭᠤᠷ ᠲᠦ᠂ ᠦᠪᠤᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶ᠎ᠠ᠂ 2010 ᠣᠨ᠃ ᠡᠰᠢᠯᠡᠭᠰᠡᠨ ᠥᠭᠦᠯᠡᠪᠦᠷᠢ ᠨᠡᠢᠴᠡᠪᠦᠷᠢ ᠮᠠᠭᠤ ᠲᠠᠢ᠂ ᠤᠢᠭᠤᠷᠵᠢᠨ ᠳ᠋ᠥ ᠪᠠᠭᠤᠯᠭᠠᠬᠤ ᠳᠤ ᠠᠯᠳᠠᠭᠰᠠᠨ ᠪᠠᠢᠵᠤ ᠮᠠᠭᠠᠳ ᠦᠭᠡᠢ᠃
6᠂ ᠠᠯᠪᠠᠨ ᠤ ᠰᠤᠷᠲᠠᠯᠴᠢᠯᠠᠯ ᠢᠶᠠᠷ ᠪᠢᠰᠢ ᠮᠠᠤ ᠶᠢᠨ ᠶᠠᠪᠤᠭᠰᠠᠨ ᠪᠣᠳᠠᠳᠤ ᠵᠠᠮ ᠱᠣᠭᠤᠮ ᠢᠶᠠᠷ ᠨᠢ ᠪᠣᠳᠣᠪᠠ᠃
7᠂ ︽ ᠴᠠᠩᠴᠦ᠋ᠨ ᠪᠣᠮᠪᠣ ᠶᠢᠨ ᠪᠠᠷᠠᠭᠤᠨ ᠳᠤ ᠵᠣᠷᠴᠢᠭᠰᠠᠨ ᠲᠡᠮᠳᠡᠭᠯᠡᠯ︾᠂ ᠳ᠋ᠧᠵᠤ ᠣᠷᠴᠢᠭᠤᠯᠪᠠ᠂ ᠦᠪᠤᠷ ᠮᠣᠩᠭᠣᠯ ᠤᠨ ᠰᠣᠶᠣᠯ ᠤᠨ ᠬᠡᠪᠯᠡᠯ ᠦᠨ ᠬᠣᠷᠢᠶ᠎ᠠ᠂ 2001 ᠣᠨ᠃
8᠂ ︽玄风庆会录︾᠂ ︽ᠰᠤᠷᠭᠠᠯ ᠢ ᠲᠠᠢᠯᠪᠤᠷᠢᠯᠠᠭᠰᠠᠨ ᠬᠤᠷᠠᠯ ᠤᠨ ᠲᠡᠮᠳᠡᠭᠯᠡᠯ︾ ᠭᠡᠳᠡᠭ ᠨᠡᠷ᠎ᠡ ᠨᠢ ᠤᠯᠳᠤᠢ ᠮᠢᠨᠤ ᠣᠷᠴᠢᠭᠤᠯᠭ᠎ᠠ ᠪᠣᠯᠣᠨ᠎ᠠ᠃ ᠬᠢᠲᠠᠳ ᠡᠬᠡ ᠨᠢ ᠰᠦᠯᠵᠢᠶ᠎ᠡ ᠳᠦ ᠠᠮᠠᠷᠬᠠᠨ ᠣᠯᠳᠠᠨ᠎ᠠ᠃
9᠂ ᠳ᠋ᠧᠵᠤ ᠶᠢᠨ ᠣᠷᠴᠢᠭᠤᠯᠭ᠎ᠠ ᠨᠡᠯᠢᠶᠡᠳ ᠬᠦᠰᠢᠭᠦᠨ ᠪᠣᠯᠣᠭᠰᠠᠨ ᠲᠤᠯᠠ ᠬᠢᠲᠠᠳ ᠡᠬᠡ ᠲᠠᠢ ᠨᠢ ᠲᠤᠯᠭᠠᠨ ᠦᠵᠡᠭᠡᠳ ᠵᠠᠷᠢᠮ ᠦᠭᠡ ᠶᠢ ︽ᠴᠢᠩᠭᠢᠰ ᠬᠠᠭᠠᠨ ᠤ ᠲᠣᠪᠴᠢᠶᠠᠨ︾ ᠳ᠋ᠡᠬᠢ ᠰᠠᠢᠰᠢᠶᠠᠯ ᠭᠤᠸᠠᠢ ᠶᠢᠨ ᠣᠷᠴᠢᠭᠤᠯᠭ᠎ᠠ ᠪᠡᠷ ᠰᠣᠯᠢᠪᠠ᠃
10᠂ ᠴᠢᠩᠭᠢᠰ ᠬᠠᠭᠠᠨ ᠠᠴᠠ ᠴᠠᠩᠴᠦ᠋ᠨ ᠳᠤ ᠥᠭᠭᠦᠭᠰᠡᠨ ᠴᠤᠯᠠ ᠨᠢ ᠮᠢᠨᠤ ᠡᠨᠡ ᠵᠣᠬᠢᠶᠠᠯ ᠳᠤ ᠲᠡᠳᠤᠢᠯᠡᠨ ᠴᠢᠬᠤᠯᠠ ᠪᠢᠰᠢ ᠪᠣᠯᠪᠠᠴᠤ ᠦᠪᠡᠷ ᠤᠨ ᠰᠠᠨᠠᠯ ᠢ ᠬᠡᠯᠡᠶ᠎ᠡ᠃ ᠯᠢ ᡁᠢ ᠴᠠᠩ ᠤᠨ ︽神仙 ᠭᠡᠰᠡᠨ ᠴᠤᠯᠠ ᠦᠭᠭᠦᠪᠡ︾ ᠭᠡᠰᠡᠨ ᠢ ᠳ᠋ᠧᠵᠤ ︽ ᠰᠠᠬᠢᠭᠤᠯᠰᠤᠨ︾ ᠭᠡᠵᠤ᠂ ᠰᠠᠢᠰᠢᠶᠠᠯ ᠭᠤᠸᠠᠢ ︽ ᠬᠤᠳᠤᠭᠳᠤ ᠠᠷᠰᠢ︾ ᠭᠡᠵᠤ ᠣᠷᠴᠢᠭᠤᠯᠵᠠᠢ᠃ ᠡᠳᠡ ᠬᠤᠶᠠᠷ ᠤᠨ ᠣᠷᠴᠢᠭᠤᠯᠭ᠎ᠠ ᠶᠢ ᠠᠪᠴᠤ ᠦᠵᠡᠬᠦ ᠡᠴᠡ ᠡᠮᠤᠨ᠎ᠡ ᠴᠢᠩᠭᠢᠰ ᠬᠠᠭᠠᠨ ᠶᠠᠭᠤ ᠭᠡᠵᠤ ᠬᠡᠯᠡᠭᠰᠡᠨ ᠢ ᠣᠷᠴᠢᠭᠤᠯᠤᠭᠴᠢ ᠨᠢ ᠬᠢᠲᠠᠳ ᠬᠡᠯᠡᠨ᠎ᠡ 神仙 ᠬᠡᠮᠡᠨ ᠣᠷᠴᠢᠭᠤᠯᠤᠭᠰᠠᠨ ᠪᠣᠢ ᠭᠡᠳᠡᠭ ᠠᠰᠠᠭᠤᠳᠠᠯ ᠪᠠᠢᠨ᠎ᠠ᠃ ᠮᠣᠩᠭᠤᠯᠴᠤᠳ ᠪᠣᠮᠪᠣ ᠶᠢᠨ ᠰᠤᠷᠲᠠᠬᠤᠨ ᠤ ᠯᠠᠮᠠ ᠨᠠᠷ ᠢ ᠡᠷᠳᠡᠮ ᠴᠢᠳᠠᠯ ᠢᠶᠠᠷ ᠨᠢ ᠪᠣᠮᠪᠣ᠂ ᠠᠷᠰᠢ ᠭᠡᠵᠤ ᠬᠣᠶᠠᠷ ᠳᠡᠰᠯᠡᠨ ᠨᠡᠷᠡᠯᠡᠳᠡᠭ ᠪᠠᠢᠵᠠᠢ᠃ ᠠᠷᠰᠢ ᠳᠤ ᠪᠠᠰᠠ ᠶᠡᠬᠡ ᠠᠷᠰᠢ᠂ ᠲᠡᠭᠡᠳᠤ ᠠᠷᠰᠢ ᠭᠡᠵᠤ ᠠᠩᠭᠢᠯᠠᠳᠠᠭ ᠪᠠᠢᠨ᠎ᠠ ︵ ᠵᠡᠭᠦᠯᠲᠡ 11︶ ᠃ ᠡᠢᠮᠤ ᠠᠴᠠ ᠴᠢᠩᠭᠢᠰ ᠬᠠᠭᠠᠨ ︽ ᠲᠡᠭᠡᠳᠤ ᠠᠷᠰᠢ︾ ᠭᠡᠵᠤ ᠴᠣᠯᠠᠯᠠᠭᠰᠠᠨ ᠯᠡ ᠪᠣᠯᠪᠠ ᠦᠦ᠃ ᠠᠷᠰᠢ ᠶᠢ ᠬᠢᠲᠠᠳ ᠢᠶᠠᠷ 仙 ᠭᠡᠳᠡᠭ ᠲᠤᠯᠠ ᠲᠡᠭᠡᠳᠤ ᠠᠷᠰᠢ ᠭᠡᠰᠡᠨ ᠮᠣᠩᠭᠣᠯ ᠨᠡᠷ᠎ᠡ ᠶᠢ 神仙 ᠭᠡᠵᠤ ᠬᠢᠲᠠᠳᠴᠢᠯᠠᠬᠤ ᠨᠢ ᠤᠳᠬ᠎ᠠ ᠶᠢᠨ ᠬᠤᠪᠢ ᠳ᠋ᠥ ᠵᠥᠪ ᠭᠡᠵᠤ ᠪᠣᠳᠣᠨ᠎ᠠ᠃ ᠬᠠᠷᠢᠨ ᠦᠨᠤ ᠶᠢᠨ ᠪᠢᠳᠡ ᠮᠣᠩᠭᠣᠯ ᠬᠡᠯᠡᠨ ᠡᠴᠡ ᠬᠢᠲᠠᠳᠴᠢᠯᠠᠭᠰᠠᠨ ᠨᠡᠷ᠎ᠡ ᠶᠢ ᠮᠣᠩᠭᠣᠯ ᠤᠷᠤᠭᠤ ᠪᠤᠴᠠᠭᠠᠨ ᠣᠷᠴᠢᠭᠤᠯᠬᠤ ᠳᠠᠭᠠᠨ ᠬᠠᠨᠽᠢ ᠶᠢ ᠦᠰᠦᠭᠴᠢᠯᠡᠨ ᠣᠷᠴᠢᠭᠤᠯᠬᠤ ᠪᠢᠰᠢ ᠤᠭ ᠮᠣᠩᠭᠣᠯ ᠬᠡᠯᠡᠨ ᠳᠡᠬᠡᠨ ᠶᠠᠭᠤ ᠭᠡᠳᠡᠭ ᠦᠭᠡ ᠪᠠᠢᠭᠰᠠᠨ ᠢ ᠢᠯᠡᠭᠦᠤ ᠪᠣᠳᠣᠬᠤ ᠨᠢ ᠵᠦᠪ ᠪᠠᠢᠬᠤ᠃ ︽ ᠬᠤᠳᠤᠭᠲᠤ︾ ᠭᠡᠳᠡᠭ ᠪᠣᠯ ᠪᠣᠷᠬᠠᠨ ᠱᠠᠰᠢᠨ ᠤ ᠨᠡᠷ᠎ᠡ ᠲᠣᠮᠢᠶ᠎ᠠ ᠲᠤᠯᠠ ᠮᠡᠳᠡᠭᠡᠵᠢ ᠡᠨᠳᠡ ᠵᠤᠬᠢᠴᠠᠬᠤ ᠦᠭᠡᠢ᠃ 神仙 ᠳᠦ ᠰᠠᠬᠢᠭᠤᠯᠤᠭᠰᠠᠨ ᠭᠡᠬᠦ ᠤᠳᠬ᠎ᠠ ᠪᠠᠢᠭ᠎ᠠ ᠴᠦ ᠪᠣᠮᠪᠣ ᠶᠢᠨ ᠯᠠᠮᠠ ᠳᠡᠭᠡᠷ᠎ᠡ ᠠᠷᠰᠢ ᠭᠡᠬᠦ ᠨᠢ ᠰᠢᠯᠵᠢᠰᠢ ᠦᠭᠡᠢ ᠨᠡᠷᠡᠯᠡᠯ ᠶᠤᠮ᠃
11᠂ ᠱᠠᠰᠢᠨ ᠤ ᠲᠣᠯᠢ᠂ ᠰᠣᠳᠣᠪᠢᠯᠢᠭ᠌ ᠵᠣᠭᠢᠶᠠᠪᠠ᠂ ᠦᠪᠤᠷ ᠮᠤᠩᠭᠤᠯ ᠤᠨ ᠰᠤᠷᠭᠠᠨ ᠬᠦᠮᠤᠵᠢᠯ ᠤᠨ ᠬᠡᠪᠯᠡᠯ ᠦᠨ ᠬᠣᠷᠢᠶ᠎ᠠ᠂ 1996 ᠣᠨ᠃
12᠂ ︽ ᠴᠠᠩᠴᠦ᠋ᠨ ᠪᠣᠮᠪᠣ ᠶᠢᠨ ᠪᠠᠷᠠᠭᠤᠨ ᠳᠤ ᠵᠣᠷᠴᠢᠭᠰᠠᠨ ᠲᠡᠮᠳᠡᠭᠯᠡᠯ︾᠂ 137 ᠨᠢᠭᠤᠷ ᠲᠤ᠃
13᠂ ᠡᠮᠤᠨᠡᠬᠢ ᠲᠠᠢ ᠠᠳᠠᠯᠢ᠂ 152 ᠨᠢᠭᠤᠷ ᠲᠤ᠃
14᠂ ᠡᠮᠤᠨᠡᠬᠢ ᠲᠠᠢ ᠠᠳᠠᠯᠢ᠂ 153 ᠨᠢᠭᠤᠷ ᠲᠤ᠃
15᠂ ᠡᠮᠤᠨᠡᠬᠢ ᠲᠠᠢ ᠠᠳᠠᠯᠢ᠂ 153 ᠨᠢᠭᠤᠷ ᠲᠤ᠃
16᠂ ᠡᠮᠤᠨᠡᠬᠢ ᠲᠠᠢ ᠠᠳᠠᠯᠢ᠂ 153-154 ᠨᠢᠭᠤᠷ ᠲᠤ᠃
17᠂ ᠡᠮᠤᠨᠡᠬᠢ ᠲᠠᠢ ᠠᠳᠠᠯᠢ᠂ 157 ᠨᠢᠭᠤᠷ ᠲᠤ᠃
18᠂ ᠡᠮᠤᠨᠡᠬᠢ ᠲᠠᠢ ᠠᠳᠠᠯᠢ᠂ 154 ᠨᠢᠭᠤᠷ ᠲᠤ᠃
19᠂ ᠵᠣᠬᠢᠶᠠᠯ ᠳᠤ ︽ ᠱᠠᠨᠳᠦ᠋ᠩ᠂ ᠾᠸᠪᠸᠢ︾ ᠭᠡᠵᠤ ᠪᠢᠴᠢᠵᠤ ᠪᠠᠢᠨ᠎ᠠ᠂ ᠱᠠᠨᠳᠦ᠋ᠩ᠂ ᠾᠸᠪᠸᠢ ᠨᠢ ᠠᠯᠳᠠᠨ ᠤᠯᠤᠰ ᠲᠦ ᠦᠨᠤ ᠶᠢᠨ ᠰᠢᠭ ᠮᠤᠵᠢ ᠶᠢᠨ ᠨᠡᠷ᠎ᠡ ᠪᠢᠰᠢ ᠪᠣᠯᠬᠤᠷ ᠡᠨᠳᠡ ᠲᠠᠢᠬᠠᠩᠱᠠᠨ ᠠᠴᠠ ᠵᠡᠭᠦᠨᠰᠢ ᠬᠠᠲᠤᠨ ᠭᠣᠣᠯ ᠠᠴᠠ ᠬᠣᠢᠰᠢ ᠬᠢ ᠭᠡᠰᠡᠨ ᠦᠭᠡ ᠶᠤᠮ᠂ ᠬᠡᠷᠡᠭ ᠲᠡᠭᠡᠷ᠎ᠡ ᠪᠡᠨ ᠵᠦᠩᠶᠤᠸᠠᠨ ᠣᠷᠣᠨ ᠢ ᠵᠢᠭᠠᠵᠠᠢ᠃
20᠂ ᠵᠦᠩᠬᠤᠸᠠ᠂ ᠵᠦᠩᠭᠦᠢᠸ᠋ᠸ᠂ ᠬᠠᠨ ᠦᠨᠳᠦᠰᠤᠳᠡᠨ ᠭᠡᠳᠡᠭ ᠪᠣᠯ ᠲᠠᠢᠴᠢᠩ ᠭᠦᠷᠤᠨ ᠠᠴᠠ ᠬᠣᠢᠰᠢ ᠵᠣᠭᠢᠶᠠᠭᠰᠠᠨ ᠨᠡᠷ᠎ᠡ ᠪᠤᠶᠤ ᠤᠬᠠᠬᠳᠠᠬᠤᠨ ᠨᠦᠭᠥᠳ ᠶᠤᠮ᠃
21᠂ ᠴᠠᠩᠴᠦ᠋ᠨ ᠪᠣᠮᠪᠣ ᠶᠢ ᠬᠠᠭᠠᠳ ᠡᠵᠡᠳ ᠢ ᠲᠣᠭᠣᠮᠰᠠᠷᠯᠠᠳᠠᠭ ᠦᠭᠡᠢ ᠶᠡᠬᠡ ᠰᠡᠳᠬᠢᠭᠴᠢ ᠬᠡᠮᠡᠨ ᠦᠨᠡᠯᠡᠬᠦ ᠶᠢ ᠬᠢᠲᠠᠳ ᠪᠢᠴᠢᠭᠳᠡᠳ ᠣᠷᠣᠯᠳᠣᠭᠰᠠᠭᠠᠷ ᠢᠷᠡᠵᠡᠢ᠃ 1216 ᠣᠨ ᠳᠤ ᠰᠦᠩ ᠦᠨ ᠬᠠᠭᠠᠨ᠂ 1219 ᠣᠨ ᠳᠤ ᠠᠯᠲᠠᠨ ᠤᠯᠤᠰ ᠤᠨ ᠬᠠᠭᠠᠨ ᠵᠠᠯᠠᠭᠰᠠᠨ ᠳᠤ ᠣᠴᠢᠭᠰᠠᠨ ᠦᠭᠡᠢ ᠭᠡᠨ᠎ᠡ᠂ ᠭᠡᠪᠡᠴᠤ ᠵᠠᠷᠢᠮ ᠮᠡᠳᠡᠭᠡᠯᠡᠯ ᠳ᠋ᠦ ᠠᠯᠲᠠᠨ ᠣᠯᠣᠰ ᠤᠨ ᠱᠢ ᠽᠦᠩ ᠬᠠᠭᠠᠨ ᠲᠠᠢ ᠭᠤᠷᠪᠠᠨᠲᠠ ᠠᠭᠤᠯᠵᠠᠭᠰᠠᠨ ᠭᠡᠵᠤ ᠪᠠᠢᠨ᠎ᠠ᠃
22᠂ ︽ᠴᠠᠩᠴᠦ᠋ᠨ ᠪᠣᠮᠪᠣ ᠶᠢᠨ ᠪᠠᠷᠠᠭᠤᠨ ᠳᠤ ᠵᠣᠷᠴᠢᠭᠰᠠᠨ ᠲᠡᠮᠳᠡᠭᠯᠡᠯ︾᠂ 5 ᠨᠢᠭᠤᠷ ᠲᠦ᠃
23᠂ ᠡᠮᠤᠨᠡᠬᠢ ᠲᠠᠢ ᠠᠳᠠᠯᠢ᠂ 11 ᠨᠢᠭᠤᠷ ᠲᠦ᠃
24᠂ ᠡᠮᠤᠨᠡᠬᠢ ᠲᠠᠢ ᠠᠳᠠᠯᠢ᠂ 16-17 ᠨᠢᠭᠤᠷ ᠲᠦ᠃
25᠂ ᠡᠮᠤᠨᠡᠬᠢ ᠲᠠᠢ ᠠᠳᠠᠯᠢ᠂ 68 ᠨᠢᠭᠤᠷ ᠲᠦ᠃
26᠂ ᠡᠮᠤᠨᠡᠬᠢ ᠲᠠᠢ ᠠᠳᠠᠯᠢ᠃ 68 ᠨᠢᠭᠤᠷ ᠲᠦ᠃
27᠂ ᠴ᠂ ᠳᠠᠯᠠᠢ᠂ ︽ ᠮᠣᠩᠭᠣᠯ ᠤᠨ ᠲᠡᠤᠬᠡ︾᠂ ᠳᠡᠳ᠋ ᠳᠡᠪᠲᠡᠷ᠂ 180 ᠨᠢᠭᠤᠷ ᠲᠤ᠃
28 ᠴ᠂ ᠳᠠᠮᠳᠢᠨᠰᠦ᠋ᠷᠦᠩ ᠤᠨ ᠲᠠᠢᠯᠪᠤᠷᠢᠯᠠᠭᠰᠠᠨ ︽ᠮᠣᠩᠭᠣᠯ ᠤᠨ ᠨᠢᠭᠤᠴᠠ ᠲᠤᠪᠴᠢᠶᠡᠨ︾ ᠤ 254 ᠳ᠋ᠤᠭᠠᠷ ᠵᠣᠢᠯ᠃ ᠦᠪᠤᠷ ᠮᠣᠩᠭᠣᠯ ᠤᠨ ᠠᠷᠠᠳ ᠤᠨ ᠬᠡᠪᠯᠡᠯ ᠤᠨ ᠬᠣᠷᠢᠶ᠎ᠠ᠂ 1997 ᠣᠨ ᠤ ᠬᠡᠪᠯᠡᠯ᠃
29᠂ ᠰᠠᠢᠰᠢᠶᠠᠯ᠂ ︽ ᠴᠢᠩᠭᠢᠰ ᠬᠠᠭᠠᠨ ᠤ ᠲᠤᠪᠴᠢᠶᠠᠨ︾᠂ ᠲᠣᠣᠷᠡᠳᠤ ᠳᠡᠪᠲᠡᠷ᠂ 591 ᠨᠢᠭᠤᠷ ᠲᠦ᠃
30᠂ ︽ ᠰᠤᠷᠭᠠᠯ ᠢ ᠲᠠᠢᠯᠪᠤᠷᠢᠯᠠᠭᠰᠠᠨ ᠬᠤᠷᠠᠯ ᠤᠨ ᠲᠡᠮᠳᠡᠭᠯᠡᠯ︾᠂ 10 ᠳ᠋ᠤᠭᠠᠷ ᠤᠯᠠᠭᠠᠨ ᠮᠦᠷ ᠲᠦ᠃
31᠂ ᠡᠮᠤᠨᠡᠬᠢ ᠲᠠᠢ ᠠᠳᠠᠯᠢ᠂ 20 ᠳ᠋ᠤᠭᠠᠷ ᠤᠯᠠᠭᠠᠨ ᠮᠦᠷ ᠲᠦ᠃
32᠂ ᠡᠮᠤᠨᠡᠬᠢ ᠲᠠᠢ ᠠᠳᠠᠯᠢ᠂ 36 ᠳ᠋ᠤᠭᠠᠷ ᠤᠯᠠᠭᠠᠨ ᠮᠦᠷ᠃
33᠂ ︽ᠴᠠᠩᠴᠦ᠋ᠨ ᠪᠣᠮᠪᠣ ᠶᠢᠨ ᠪᠠᠷᠠᠭᠤᠨ ᠳᠤ ᠵᠣᠷᠴᠢᠭᠰᠠᠨ ᠲᠡᠮᠳᠡᠭᠯᠡᠯ︾ 197-198 ᠳ᠋ᠤᠭᠠᠷ ᠨᠢᠭᠤᠷ ᠲᠦ᠃
34᠂ ᠡᠮᠤᠨᠡᠬᠢ ᠲᠠᠢ ᠠᠳᠠᠯᠢ᠂ 180-181 ᠳ᠋ᠤᠭᠠᠷ ᠨᠢᠭᠤᠷ ᠲᠦ᠃
35᠂ ᠡᠮᠤᠨᠡᠬᠢ ᠲᠠᠢ ᠠᠳᠠᠯᠢ᠂ 6 ᠨᠢᠭᠤᠷ ᠲᠦ᠃
36᠂ ᠡᠮᠤᠨᠡᠬᠢ ᠲᠠᠢ ᠠᠳᠠᠯᠢ᠂ 6-7 ᠨᠢᠭᠤᠷ ᠲᠦ᠃
11/15/2021
Clearwater beach᠂ FL᠂ USA ᠳᠦ ᠪᠢᠴᠢᠪᠡ᠃
ᠵᠣᠬᠢᠶᠠᠭᠴᠢ ᠶᠢᠨ ᠪᠯᠣᠭ ᠤᠨ ᠬᠠᠶ᠋ᠢᠭ᠄ https://maynewblogspo.blogspot.com
Email : tumenulzei@gmail.com
2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠢᠮᠧᠯ᠄ soninhuudas@gmail.com