ᠰᠠᠶ᠋ᠢᠬᠠᠨ ᠶᠢᠷᠲᠢᠨᠴᠦ -ᠲᠠᠢ ᠫᠢᠩ
2026-06-14
ᠣᠩᠱᠢᠭ᠍ᠰᠠᠨ ᠣᠳᠠᠭ᠎ᠠ᠄

 

 

ᠰᠠᠶ᠋ᠢᠬᠠᠨ ᠶᠢᠷᠲᠢᠨᠴᠦ

   ᠵᠣᠬᠢᠶᠠᠭᠴᠢ᠄ ᠲᠠᠢ ᠫᠢᠩ  

   ᠬᠤᠭᠤᠷᠳᠠᠵᠤ ᠳᠠᠭᠤᠯᠠᠭᠰᠠᠨ ᠨᠢ᠄ ᠲᠡᠢ ᠫᠢᠩ 

 

ᠠᠪᠤ ᠡᠵᠢ ᠪᠡᠨ ᠠᠰᠠᠷᠠᠭᠠᠳ   

ᠠᠴᠢᠯᠠᠯ ᠵᠢᠷᠤᠮ ᠲᠠᠢ ᠶᠢᠷᠲᠢᠨᠴᠦ  

ᠠᠬᠠᠰ ᠵᠠᠬᠠᠰ ᠢ᠋ᠶ᠋ᠠᠨ ᠬᠦᠨᠳᠦᠯᠡᠭᠡᠳ  

ᠡᠯᠪᠡᠷᠢᠯ ᠵᠢᠷᠤᠮ ᠲᠠᠢ ᠶᠢᠷᠲᠢᠨᠴᠦ            

ᠠᠬ᠎ᠠ ᠳᠡᠭᠦᠦ ᠨᠠᠷ ᠲᠠᠢ ᠪᠠᠨ ᠨᠠᠢᠷᠠᠯᠳᠤᠭᠠᠳ            

ᠠᠨᠳᠠ ᠶ᠋ᠢᠨ ᠵᠢᠷᠤᠮ ᠲᠠᠢ ᠶᠢᠷᠲᠢᠨᠴᠦ ᠬᠦ              

ᠠᠩᠭ᠎ᠠ ᠬᠡᠦᠬᠡᠳ ᠢ᠋ᠶ᠋ᠡᠨ ᠥᠰᠬᠡᠭᠡᠳ            

ᠠᠶ᠎ᠠ ᠬᠠᠢᠷ᠎ᠠ ᠲᠠᠢ ᠶᠢᠷᠲᠢᠨᠴᠦ ᠰᠢᠦ              

 

ᠬᠤᠭᠤᠷ ᠴᠣᠭᠣᠷ ᠨᠢ ᠲᠠᠭᠠᠷᠠᠭᠠᠳ  

ᠬᠣᠯᠪᠣᠭᠠᠳ ᠪᠠᠢᠳᠠᠭ ᠶᠢᠷᠲᠢᠨᠴᠦ  

ᠬᠣᠭᠣᠯᠠᠢ ᠴᠣᠭᠣᠯᠠᠢ ᠪᠠᠨ ᠵᠠᠰᠠᠭᠠᠳ  

ᠬᠠᠩᠭᠢᠨᠠᠭᠤᠯᠤᠭᠠᠳ ᠪᠠᠢᠳᠠᠭ ᠶᠢᠷᠲᠢᠨᠴᠦ              

ᠬᠣᠯᠠ ᠣᠢᠷ᠎ᠠ ᠠ᠋ᠴᠠ ᠴᠤᠭᠯᠠᠷᠠᠭᠠᠳ              

ᠬᠤᠭᠤᠷᠳᠠᠭᠠᠳ ᠪᠠᠢᠳᠠᠭ ᠶᠢᠷᠲᠢᠨᠴᠦ               

ᠬᠣᠲᠠᠯᠠ ᠣᠯᠠᠨ ᠢ᠋ᠶ᠋ᠠᠨ ᠪᠠᠶᠠᠰᠬᠠᠭᠠᠳ              

ᠬᠥᠭᠡᠷᠦᠯᠳᠦᠭᠡᠳ ᠪᠠᠢᠳᠠᠭ ᠶᠢᠷᠲᠢᠨᠴᠦ ᠰᠢᠦ   

 

ᠠᠳᠤᠭᠤ ᠮᠠᠯ ᠨᠢ ᠦᠷᠡᠵᠢᠭᠡᠳ  

ᠬᠣᠲᠣᠭᠣᠷ ᠳᠦᠭᠦᠷᠡᠩ ᠶᠢᠷᠲᠢᠨᠴᠦ  

ᠠᠮᠤ ᠪᠤᠳᠠᠭ᠎ᠠ ᠨᠢ ᠡᠯᠪᠡᠭᠵᠢᠭᠡᠳ    

ᠰᠠᠩ ᠳᠦᠭᠦᠷᠡᠩ ᠶᠢᠷᠲᠢᠨᠴᠦ             

ᠠᠢᠷᠠᠭ ᠰᠦ ᠪᠡᠷ ᠪᠢᠯᠬᠠᠭᠠᠳ             

ᠠᠮᠲᠠ ᠰᠢᠮᠳᠠ ᠲᠠᠢ ᠶᠢᠷᠲᠢᠨᠴᠦ              

 ᠠᠷᠠᠵᠠ ᠰᠠᠷᠬᠤᠳ ᠢ᠋ᠶ᠋ᠠᠨ ᠭᠡᠮᠨᠡᠭᠡᠳ             

ᠠᠶᠠᠯᠭᠤ ᠳᠠᠭᠤᠤ ᠲᠠᠢ ᠶᠢᠷᠲᠢᠨᠴᠦ ᠰᠢᠦ   

 

ᠤᠯᠠᠭᠠᠨ ᠲᠣᠷᠭ᠎ᠠ ᠪᠠᠨ ᠡᠮᠦᠰᠦᠭᠡᠳ 

ᠤᠯᠠᠪᠠᠰ ᠤᠯᠠᠪᠠᠰ ᠶᠢᠷᠲᠢᠨᠴᠦ

ᠣ ᠡᠩᠰᠡᠭᠡ ᠪᠡᠨ ᠲᠦᠷᠬᠢᠭᠡᠳ

ᠳᠤᠸᠠᠯᠠᠰ ᠳᠤᠸᠠᠯᠠᠰ ᠶᠢᠷᠲᠢᠨᠴᠦ                

ᠣᠭ᠌ᠶᠤ ᠱ᠌ᠢᠷᠦ ᠪᠡᠨ ᠵᠡᠭᠦᠭᠡᠳ                

ᠭᠢᠯᠪᠠᠰ ᠭᠢᠯᠪᠠᠰ ᠶᠢᠷᠲᠢᠨᠴᠦ ᠬᠦ               

ᠥᠨᠳᠥᠷ ᠪᠣᠷᠪᠢ ᠲᠠᠢ ᠱᠠᠬᠠᠢ ᠨᠢ ᠳᠡ               

ᠭᠣᠭᠣᠷ ᠭᠣᠭᠣᠷ ᠶᠢᠷᠲᠢᠨᠴᠦ ᠰᠢᠦ   

 

ᠬᠠᠭᠠᠨ ᠲᠩᠷᠢ ᠡᠴᠡ ᠵᠠᠶᠠᠭᠠᠭᠰᠠᠨ  

ᠬᠠᠢᠷᠠᠲᠠᠢ ᠮᠣᠩᠭᠣᠯ ᠶᠢᠷᠲᠢᠨᠴᠦ   

ᠡᠵᠡᠨ ᠴᠢᠩᠭᠢᠰ ᠡᠴᠡ ᠵᠠᠶᠠᠭᠠᠭᠰᠠᠨ   

ᠡᠷᠡᠯᠬᠡᠭ ᠮᠣᠩᠭᠣᠯ ᠶᠢᠷᠲᠢᠨᠴᠦ                 

ᠡᠵᠢ ᠶ᠋ᠢᠨ ᠬᠠᠢᠷ᠎ᠠ ᠪᠠᠷ ᠪᠢᠯᠬᠠᠭᠰᠠᠨ                 

ᠡᠶ᠎ᠡ  ᠨᠠᠢᠷ ᠲᠠᠢ ᠶᠢᠷᠲᠢᠨᠴᠦ ᠬᠦ                 

ᠡᠭᠡᠰᠢᠭᠯᠡᠵᠦ ᠳᠠᠭᠤᠯᠠᠭᠠᠳ ᠪᠠᠷᠠᠨ᠎ᠠ ᠤᠤ ᠳᠠ                 

ᠡᠪ ᠲᠡᠢ ᠰᠠᠢᠬᠠᠨ ᠶᠢᠷᠲᠢᠨᠴᠦ ᠰᠢᠦ    

 

ᠴᠠᠭ ᠤ᠋ᠨ ᠰᠠᠢᠨ ᠢ᠋ ᠠᠰᠢᠭᠯᠠᠭᠠᠳ  

ᠰᠢᠮᠳᠠᠨ ᠰᠤᠷᠤᠯᠴᠠᠳᠠᠭ ᠶᠢᠷᠲᠢᠨᠴᠦ  

ᠴᠢᠨᠠᠷᠯᠢᠭ ᠪᠠᠷᠠᠭ᠎ᠠ ᠪᠠᠨ ᠦᠢᠯᠡᠳᠪᠦᠷᠢᠯᠡᠭᠡᠳ  

ᠴᠢᠷᠮᠠᠢᠨ ᠠᠵᠢᠯᠯᠠᠳᠠᠭ ᠶᠢᠷᠲᠢᠨᠴᠦ                   

ᠴᠡᠪᠡᠷ ᠠᠷᠢᠭᠤᠨ ᠣᠷᠴᠢᠨ ᠢ᠋ᠶ᠋ᠠᠨ                  

ᠴᠣᠭᠴᠠᠯᠠᠭᠠᠳ ᠪᠠᠢᠳᠠᠭ ᠶᠢᠷᠲᠢᠨᠴᠦ                  

ᠴᠢᠩ ᠵᠢᠷᠤᠮᠲᠤ ᠮᠣᠩᠭᠣᠯᠴᠤᠳ ᠤ᠋ᠨ                 

ᠴᠡᠩᠭᠡᠯ ᠪᠠᠶᠠᠷ ᠤ᠋ᠨ ᠶᠢᠷᠲᠢᠨᠴᠦ ᠰᠢᠦ  

 

ᠴᠢᠩ ᠵᠢᠷᠤᠮᠲᠤ ᠮᠣᠩᠭᠣᠯᠴᠤᠳ ᠤ᠋ᠨ   

ᠴᠡᠩᠭᠡᠯ  ᠪᠠᠶᠠᠷ ᠤ᠋ᠨ ᠶᠢᠷᠲᠢᠨᠴᠦ ᠰᠢᠦ ᠬᠠᠢ    

 

  ᠦᠰᠦᠭ ᠠᠮᠢᠯᠠᠭᠤᠯᠤᠭᠴᠢ ᠦᠰᠦᠭ ᠬᠠᠳᠠᠭᠴᠢ᠄ ᠪᠠᠢ᠂ ᠰᠠᠷᠠᠨ᠎ᠠ 

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com