ᠳ᠋ᠠᠷ᠎ᠠ ᠡᠬᠡ ᠶ᠋ᠢᠨ ᠮᠠᠭᠲᠠᠭᠠᠯ
2026-06-14
ᠣᠩᠱᠢᠭ᠍ᠰᠠᠨ ᠣᠳᠠᠭ᠎ᠠ᠄

 

         ᠬᠤᠭᠤᠷᠴᠢ᠄ ᠮᠥᠩᠭᠦᠨᠴᠣᠭᠲᠦ 

 

 ᠬᠣᠷᠯᠣ ᠡᠷᠳᠡᠨᠢ ᠶ᠋ᠢᠨ ᠴᠦᠩᠵᠢᠭᠲᠦ 

 ᠬᠣᠷᠢᠨ ᠨᠢᠭᠡᠨ ᠳᠠᠷ᠎ᠠ ᠡᠬᠡ ᠮᠢᠨᠦ 

 ᠬᠣᠣᠷᠯᠠᠯ ᠲᠢᠪ ᠢ᠋ ᠠᠷᠢᠭᠤᠳᠬᠠᠭᠴᠢ 

 ᠬᠣᠷᠢᠨ ᠨᠢᠭᠡᠨ ᠪᠤᠷᠬᠠᠨ ᠮᠢᠨᠦ 

 ᠰᠢᠳᠢ ᠤᠪᠠᠳᠢᠰ ᠲᠤ ᠨᠢ ᠪᠢᠰᠢᠷᠡᠵᠦ  

 ᠰᠢᠲᠦᠯᠭᠡ ᠲᠠᠷᠨᠢ ᠶ᠋ᠢ ᠨᠢ ᠬᠡᠯᠡᠶ᠎ᠡ 

 ᠣᠮ ᠳ᠋ᠠᠷᠢ ᠳ᠋ᠦᠳ ᠳ᠋ᠠᠷᠢ  

 ᠳ᠋ᠦᠷᠢ ᠰᠤᠬ᠎ᠠ ᠳ᠋ᠦᠷᠢ ᠰᠤᠬ᠎ᠠ   

 

 ᠡᠷᠡᠮᠰᠢ ᠰᠡᠳᠬᠢᠯ ᠢ᠋ ᠨᠠᠮᠤᠳᠬᠠᠭᠴᠢ 

 ᠡᠪᠳᠡᠷᠡᠭᠰᠡᠨ ᠪᠦᠬᠦᠨ ᠢ᠋ ᠡᠪᠯᠡᠭᠦᠯᠬᠦ 

 ᠲᠥᠭᠡᠷᠭᠡ ᠵᠠᠶᠠᠭ᠎ᠠ ᠶ᠋ᠢ ᠲᠡᠭᠰᠢᠳᠬᠡᠬᠦ  

 ᠲᠥᠷᠥ ᠶ᠋ᠢᠨ ᠵᠠᠷᠭᠤ ᠶ᠋ᠢ ᠲᠦᠪᠰᠢᠳᠬᠡᠬᠦ

 ᠡᠷᠬᠡᠨ ᠳ᠋ᠦ᠍ ᠬᠤᠷᠢᠶᠠᠭᠴᠢ ᠳ᠋ᠠᠷ᠎ᠠ ᠡᠬᠡ ᠶ᠋ᠢᠨ 

 ᠡᠷᠳᠡᠮ ᠴᠢᠳᠠᠯ ᠳ᠋ᠤᠷ ᠰᠥᠬᠥᠷᠡᠨ ᠮᠥᠷᠭᠥᠶ᠎ᠡ  

 ᠣᠮ ᠳ᠋ᠠᠷᠢ ᠳ᠋ᠦᠳ ᠳ᠋ᠠᠷᠢ  

 ᠳ᠋ᠦᠷᠢ ᠰᠤᠬ᠎ᠠ ᠳ᠋ᠦᠷᠢ ᠰᠤᠬ᠎ᠠ   

 

 ᠵᠢᠷᠭᠤᠭᠠᠨ ᠰᠠᠪᠠ ᠲᠠᠪᠤᠨ ᠴᠤᠯᠤ ᠳ᠋ᠤᠷ 

 ᠵᠣᠪᠠᠯᠠᠩ ᠣᠷᠣᠵᠤ ᠡᠪᠡᠳᠴᠢᠨ ᠠᠲᠠᠯᠠᠬᠤ 

 ᠰᠢᠨᠤᠯ ᠤ᠋ᠨ ᠲᠦᠮᠡᠨ ᠪᠠᠷᠴᠢᠳ ᠢ᠋ 

 ᠰᠢᠳᠢᠲᠦ ᠲᠠᠷᠨᠢ ᠪᠠᠷ ᠢᠯᠭᠠᠷᠠᠰᠢᠭᠤᠯᠤᠭᠴᠢ 

 ᠠᠳᠠ ᠨᠣᠮᠣᠬᠠᠷᠠᠭᠤᠯᠤᠭᠴᠢ ᠳ᠋ᠠᠷ᠎ᠠ ᠡᠬᠡ ᠶ᠋ᠢᠨ 

 ᠠᠭᠤᠤ ᠬᠦᠴᠦᠨ ᠳ᠋ᠦ᠍ᠷ ᠪᠢᠰᠢᠷᠡᠨ ᠮᠥᠷᠭᠥᠶ᠎ᠡ 

 ᠣᠮ ᠳ᠋ᠠᠷᠢ ᠳ᠋ᠦᠳ ᠳ᠋ᠠᠷᠢ  

 ᠳ᠋ᠦᠷᠢ ᠰᠤᠬ᠎ᠠ ᠳ᠋ᠦᠷᠢ ᠰᠤᠬ᠎ᠠ   

 

 ᠲᠥᠷᠥᠭᠰᠡᠨ ᠪᠦᠬᠦᠨ ᠳ᠋ᠦ᠍ᠷ ᠪᠤᠶᠠᠨ ᠬᠤᠷᠠᠵᠤ 

 ᠲᠦᠮᠡᠨ ᠦ᠌ ᠦᠢᠯᠡᠰ ᠲᠣᠷ ᠭᠠᠴᠢᠶᠠᠯ ᠪᠠᠭᠠᠰᠤᠭᠠᠳ 

 ᠪᠤᠭᠤᠷᠤᠯ ᠬᠣᠷᠸ᠎ᠠ ᠶ᠋ᠢᠨ ᠪᠤᠮᠪᠠ ᠪᠢᠯᠬᠠᠵᠤ 

 ᠪᠤᠴᠠᠯᠤᠨ ᠣᠷᠬᠢᠬᠤ ᠭᠣᠮᠣᠳᠠᠯ ᠰᠠᠷᠨᠢᠭᠠᠳ 

 ᠲᠡᠭᠦᠰ ᠡᠳ᠋ᠯᠡᠯ ᠢ᠋ ᠳᠡᠯᠭᠡᠷᠡᠭᠦᠯᠦᠭᠴᠢ  

 ᠲᠡᠭᠦᠯᠳᠡᠷ ᠮᠡᠷᠭᠡᠨ ᠳ᠋ᠦ᠍ᠷ ᠰᠥᠭᠥᠳᠦᠨ ᠮᠥᠷᠭᠥᠶ᠎ᠡ  

 ᠣᠮ ᠳ᠋ᠠᠷᠢ ᠳ᠋ᠦᠳ ᠳ᠋ᠠᠷᠢ  

 ᠳ᠋ᠦᠷᠢ ᠰᠤᠬ᠎ᠠ ᠳ᠋ᠦᠷᠢ ᠰᠤᠬ᠎ᠠ   

 

 ᠳᠣᠲᠣᠷ ᠰᠡᠳᠬᠢᠯ ᠠᠷᠢᠭᠤᠰᠴᠤ 

 ᠳᠣᠷᠣᠢ ᠦᠵᠡᠯ ᠦᠭᠡᠢᠰᠴᠦ 

 ᠤᠳᠠᠭᠠᠨ ᠵᠢᠷᠭᠠᠬᠤ ᠮᠥᠷ ᠴᠤᠬᠤᠢᠵᠤ 

 ᠤᠳᠤᠮ ᠰᠠᠢᠵᠢᠷᠠᠬᠤ ᠦᠢᠯᠡ ᠪᠦᠲᠦᠭᠡᠬᠦ 

 ᠨᠠᠰᠤ ᠠᠷᠪᠢᠳᠬᠠᠭᠴᠢ ᠳ᠋ᠠᠷ᠎ᠠ ᠡᠬᠡ ᠳ᠋ᠦ᠍ᠷ 

 ᠨᠠᠮᠠᠨᠴᠢᠯᠠᠨ ᠪᠠᠢᠵᠤ ᠰᠥᠭᠥᠳᠦᠨ ᠮᠥᠷᠭᠥᠶ᠎ᠡ 

 ᠣᠮ ᠳ᠋ᠠᠷᠢ ᠳ᠋ᠦᠳ ᠳ᠋ᠠᠷᠢ   

 ᠳ᠋ᠦᠷᠢ ᠰᠤᠬ᠎ᠠ ᠳ᠋ᠦᠷᠢ ᠰᠤᠬ᠎ᠠ  

 

 ᠠᠷᠭ᠎ᠠ ᠪᠢᠯᠢᠭ ᠦ᠋ᠨ ᠠᠯᠠᠭ ᠮᠡᠯᠮᠡᠢ 

 ᠠᠵᠠ ᠲᠠᠪᠢᠯᠠᠩᠲᠤ ᠦᠨᠡᠨᠴᠢ ᠬᠠᠢᠷ᠎ᠠ  

 ᠠᠭᠤᠤ ᠰᠠᠢᠬᠠᠨ ᠤ᠋ ᠡᠷᠬᠢᠮ ᠴᠢᠨᠠᠷ 

 ᠠᠰᠤᠷᠢ ᠲᠡᠭᠷᠢ ᠶ᠋ᠢᠨ ᠠᠯᠲᠠᠨ ᠵᠠᠭᠠᠳᠠᠰᠤ 

 ᠰᠡᠳᠬᠢᠯ ᠪᠤᠯᠢᠶᠠᠭᠴᠢ ᠳ᠋ᠠᠷ᠎ᠠ ᠡᠬᠡ ᠲᠠᠨ ᠤ᠋ 

 ᠰᠡᠪ ᠦᠭᠡᠢ ᠯᠠᠭᠱᠠᠨ ᠳ᠋ᠤᠷ ᠰᠥᠭᠥᠳᠦᠨ ᠮᠥᠷᠭᠥᠶ᠎ᠡ 

 ᠣᠮ ᠳ᠋ᠠᠷᠢ ᠳ᠋ᠦᠳ ᠳ᠋ᠠᠷᠢ 

 ᠳ᠋ᠦᠷᠢ ᠰᠤᠬ᠎ᠠ ᠳ᠋ᠦᠷᠢ ᠰᠤᠬ᠎ᠠ  

 

 ᠨᠥᠬᠥᠷ ᠦ᠋ᠨ ᠢᠲᠡᠭᠡᠯ ᠢ᠋ ᠤᠯᠠ ᠳ᠋ᠠᠭᠠᠨ ᠭᠢᠰᠬᠢᠬᠦ 

 ᠨᠠᠷᠢᠨ ᠨᠢᠭᠤᠴᠠ ᠶ᠋ᠢ ᠠᠭᠤᠳᠠᠯᠯᠠᠨ ᠰᠢᠨᠵᠢᠬᠦ 

 ᠨᠠᠷᠠ ᠰᠠᠷᠠ ᠶ᠋ᠢ ᠲᠡᠷᠢᠭᠦᠯᠡᠨ ᠰᠡᠪᠲᠦᠭᠡᠬᠦ 

 ᠨᠠᠢ᠍ᠮᠠᠨ ᠵᠦᠭ ᠲᠡᠭᠡᠨ ᠭᠠᠰᠠᠯᠠᠩ ᠲᠠᠷᠬᠠᠭᠠᠭᠴᠢ 

 ᠰᠢᠮᠨᠤᠰ ᠳᠠᠢᠰᠤᠨ ᠢ᠋ ᠳᠠᠷᠤᠨ ᠰᠥᠨᠥᠭᠡᠭᠴᠢ  

 ᠱᠠᠭᠢᠮᠤᠨᠢ ᠳ᠋ᠠᠷ᠎ᠠ ᠡᠬᠡ ᠳ᠋ᠦ᠍ᠷ ᠮᠥᠷᠭᠥᠨ ᠳᠠᠭᠠᠳᠬᠠᠶ᠎ᠠ  

 ᠣᠮ ᠳ᠋ᠠᠷᠢ ᠳ᠋ᠦᠳ ᠳ᠋ᠠᠷᠢ 

 ᠳ᠋ᠦᠷᠢ ᠰᠤᠬ᠎ᠠ ᠳ᠋ᠦᠷᠢ ᠰᠤᠬ᠎ᠠ  

 

 ᠭᠠᠯ ᠤᠰᠤᠨ ᠤ᠋ ᠠᠶᠤᠯᠲᠤ ᠭᠠᠰᠠᠯᠠᠩ 

 ᠭᠠᠩ ᠵᠤᠳ ᠤ᠋ᠨ ᠠᠮᠠᠷ ᠦᠭᠡᠢ ᠵᠣᠪᠠᠯᠠᠩ 

 ᠦᠷᠦ ᠵᠢᠷᠦᠬᠡ ᠶ᠋ᠢ ᠰᠢᠨᠠᠯᠭᠠᠨ ᠲᠠᠮᠤᠯᠠᠬᠤ 

 ᠡᠪᠡᠳᠴᠢᠨ ᠡᠮᠭᠡᠭ ᠢ᠋ ᠵᠠᠢᠯᠠᠭᠤᠯᠤᠭᠴᠢ 

 ᠠᠶᠤᠯ ᠠ᠋ᠴᠠ ᠠᠪᠤᠷᠠᠬᠤ ᠳ᠋ᠠᠷ᠎ᠠ ᠡᠬᠡ ᠲᠠᠨ ᠤ᠋  

 ᠠᠯᠲᠠᠨ ᠮᠣᠳᠣᠷ ᠠ᠋ᠴᠠ ᠠᠳᠢᠰ ᠠᠪᠴᠤ ᠮᠥᠷᠭᠥᠶ᠎ᠡ  

 ᠣᠮ ᠳ᠋ᠠᠷᠢ ᠳ᠋ᠦᠳ ᠳ᠋ᠠᠷᠢ 

 ᠳ᠋ᠦᠷᠢ ᠰᠤᠬ᠎ᠠ ᠳ᠋ᠦᠷᠢ ᠰᠤᠬ᠎ᠠ   

 

 ᠠᠭᠤᠯᠠ ᠤᠰᠤ ᠪᠠᠨ ᠦᠯᠦ ᠪᠠᠶᠠᠷᠯᠠᠭᠤᠯᠬᠤ 

 ᠤᠷᠤᠭ ᠲᠥᠷᠥᠯ ᠢ᠋ᠶ᠋ᠡᠨ ᠦᠯᠦ ᠬᠠᠢᠷᠠᠯᠠᠬᠤ  

 ᠤᠷᠭᠤᠭ᠎ᠠ ᠪᠦᠬᠦᠨ ᠢ᠋ ᠦᠳᠲᠡᠷ ᠤᠰᠠᠳᠬᠠᠬᠤ  

 ᠣᠯᠢᠭ ᠮᠠᠭᠤ ᠶ᠋ᠢ ᠰᠠᠷᠨᠢᠭᠤᠯᠤᠭᠴᠢ 

 ᠯᠤᠤᠰ ᠰᠠᠪᠳᠠᠭ ᠤ᠋ᠨ ᠬᠣᠣᠷ ᠢ᠋ ᠠᠷᠢᠯᠭᠠᠬᠤ 

 ᠯᠤᠤᠰ ᠤ᠋ᠨ ᠳᠠᠭᠢᠨᠢ ᠳ᠋ᠠᠷ᠎ᠠ ᠡᠬᠡ ᠳ᠋ᠦ᠍ᠷ ᠮᠥᠷᠭᠥᠶ᠎ᠡ 

 ᠣᠮ ᠳ᠋ᠠᠷᠢ ᠳ᠋ᠦᠳ ᠳ᠋ᠠᠷᠢ 

 ᠳ᠋ᠦᠷᠢ ᠰᠤᠬ᠎ᠠ ᠳ᠋ᠦᠷᠢ ᠰᠤᠬ᠎ᠠ  

 

 ᠬᠣᠲᠠᠯᠠ ᠣᠯᠠᠨ ᠰᠡᠳᠬᠢᠯ ᠲᠡᠨᠢᠭᠡᠷ 

 ᠬᠠᠮᠤᠭ ᠪᠦᠬᠦᠨ ᠠᠮᠤᠷ ᠲᠠᠢᠪᠤᠩ 

 ᠳᠡᠯᠡᠬᠡᠢ ᠶ᠋ᠢᠨ ᠡᠩ ᠢ᠋ᠶ᠋ᠡᠷ ᠳᠡᠭᠡᠪᠦᠷ ᠪᠦᠲᠦᠨ  

 ᠳᠡᠭᠡᠳᠦ ᠲᠡᠭᠷᠢ ᠪᠡᠷ ᠮᠡᠴᠢᠳ ᠳᠦᠭᠦᠷᠡᠩ 

 ᠠᠯᠢᠪᠠ ᠦᠢᠯᠡᠰ ᠪᠦᠬᠦᠨ ᠢ᠋ ᠪᠦᠲᠦᠭᠡᠭᠴᠢ 

 ᠠᠷᠢᠭᠤᠨ ᠲᠠᠭᠰᠢᠨ ᠳ᠋ᠠᠷ᠎ᠠ ᠡᠬᠡ ᠳ᠋ᠦ᠍ᠷ ᠮᠥᠷᠭᠥᠶ᠎ᠡ 

 ᠣᠮ ᠳ᠋ᠠᠷᠢ ᠳ᠋ᠦᠳ ᠳ᠋ᠠᠷᠢ  

 ᠳ᠋ᠦᠷᠢ ᠰᠤᠬ᠎ᠠ ᠳ᠋ᠦᠷᠢ ᠰᠤᠬ᠎ᠠ  

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com