ᠡᠭᠡᠰᠢᠭ ᠳᠣᠯᠣᠭᠠᠨ ᠪᠠᠳᠠᠭ
2026-06-14
ᠣᠩᠱᠢᠭ᠍ᠰᠠᠨ ᠣᠳᠠᠭ᠎ᠠ᠄

 

ᠡᠭᠡᠰᠢᠭ ᠳᠣᠯᠣᠭᠠᠨ ᠪᠠᠳᠠᠭ

 

   ᠬᠤᠭᠤᠷᠴᠢ᠄ ᠣᠳᠬᠣᠨᠪᠠᠶᠠᠷ᠂ ᠴᠠᠬᠢᠯᠭᠠᠨ 

 

ᠠᠯᠠᠭ ᠱᠠᠭᠠᠵᠠᠭᠠᠢ ᠱᠠᠭᠰᠢᠨ᠎ᠠ ᠭᠡᠳᠡᠭ ᠴᠢᠨᠢ 

ᠠᠷᠤ ᠶ᠋ᠢᠨ ᠠᠷᠤ ᠶ᠋ᠢᠨ ᠬᠠᠢᠯᠠᠰᠤ ᠠ᠋ 

ᠠᠮᠠᠭᠠᠢ ᠬᠠᠵᠠᠭᠠᠷ ᠢ᠋ᠶ᠋ᠠᠨ ᠬᠠᠩᠭᠢᠨᠠᠭᠤᠯᠤᠨ᠎ᠠ ᠭᠡᠳᠡᠭ ᠴᠢᠨᠢ 

ᠠᠭᠲᠠ ᠬᠦᠯᠦᠭ ᠮᠣᠷᠢ ᠠ᠋ 

ᠠᠶᠠᠰ ᠬᠥᠭᠵᠢᠮ ᠢ᠋ ᠨᠢ ᠲᠠᠭᠠᠷᠠᠭᠤᠯᠤᠨ᠎ᠠ ᠭᠡᠳᠡᠭ ᠴᠢᠨᠢ 

ᠠᠷᠠᠯᠲᠠᠢ ᠬᠤᠭᠤᠷ ᠠ᠋ 

ᠠᠪᠤᠨ ᠪᠠᠷᠢᠨ ᠬᠣᠯᠪᠣᠨ᠎ᠠ ᠭᠡᠳᠡᠭ ᠴᠢᠨᠢ 

ᠠᠰᠪᠤᠷ ᠰᠡᠳᠬᠢᠯ ᠠ᠋ 

ᠠ ᠲᠣᠯᠣᠭᠠᠢ ᠪᠠᠷ ᠠᠮᠤᠷ ᠢ᠋ ᠴᠢᠨᠢ ᠠᠰᠠᠭᠤᠬᠤ

ᠠᠩᠬᠠᠨ ᠤ᠋ ᠪᠠᠳᠠᠭ ᠠ᠋ ᠬᠦ

ᠡᠷᠭᠢ ᠪᠣᠯᠤᠭᠠᠳ ᠡᠮᠲᠡᠷᠡᠬᠦ ᠦᠭᠡᠢ ᠴᠤ᠌ ᠭᠡᠮ ᠳᠡ

ᠪᠠᠢᠭᠠᠯᠢ ᠰᠠᠢᠬᠠᠨ

ᠡᠯᠡᠰᠦ ᠲᠣᠭᠣᠰᠣ ᠨᠢ ᠪᠤᠲᠠᠷᠠᠬᠤ ᠦᠭᠡᠢ ᠴᠤ᠌ ᠭᠡᠮ ᠳᠡ

ᠡᠳᠦᠷ ᠰᠠᠢᠬᠠᠨ

ᠡᠨᠳᠡᠭᠦᠦ ᠣᠰᠣᠯ ᠭᠠᠷᠬᠤ ᠦᠭᠡᠢ ᠭᠡᠮ ᠳᠡ

ᠶᠠᠪᠤᠳᠠᠯ ᠰᠠᠢᠬᠠᠨ

ᠡᠮᠭᠡᠭ ᠡᠪᠡᠳᠴᠢᠨ ᠲᠤᠰᠬᠤ ᠦᠭᠡᠢ ᠴᠤ᠌ ᠭᠡᠮ ᠳᠡ

ᠡᠨᠡ ᠪᠡᠶ᠎ᠡ ᠰᠠᠢᠬᠠᠨ

ᠠ᠋ ᠲᠣᠯᠣᠭᠠᠢ ᠪᠠᠷ ᠡᠰᠢᠯᠡᠨ ᠬᠣᠯᠪᠣᠬᠤ

ᠡᠢᠮᠦ ᠪᠠᠳᠠᠭ ᠠ᠋

ᠢᠯᠡᠭᠦᠦ ᠳᠤᠲᠠᠭᠤ ᠬᠡᠯᠡᠯᠴᠡᠨ᠎ᠡ ᠭᠡᠳᠡᠭ ᠴᠢᠨᠢ

ᠬᠡᠷᠡᠭᠦᠯ ᠪᠢᠰᠢ ᠰᠢᠦ

ᠢᠳᠡ ᠴᠢᠳᠠᠯ ᠢ᠋ᠶ᠋ᠠᠨ ᠭᠠᠢᠬᠠᠭᠤᠯᠤᠭᠰᠠᠨ ᠪᠦᠬᠦᠨ

ᠢᠳᠡᠷᠬᠡᠭ ᠪᠢᠰᠢ ᠰᠢᠦ

ᠢᠨᠢᠶᠡᠳᠦᠮ ᠱᠣᠭ ᠭᠠᠷᠭᠠᠨ᠎ᠠ ᠭᠡᠳᠡᠭ ᠴᠢᠨᠢ

ᠢᠯᠡᠭᠦᠴᠡ ᠪᠢᠰᠢ ᠰᠢᠦ

ᠢᠴᠢᠬᠦ ᠶ᠋ᠢ ᠮᠡᠳᠡᠬᠦ ᠦᠭᠡᠢ ᠨᠢᠭᠤᠷ ᠭᠡᠳᠡᠭ ᠴᠢᠨᠢ

ᠢᠰᠡᠭᠡᠢ ᠪᠢᠰᠢ ᠰᠢᠦ

ᠦ ᠦ ᠣ ᠣ ᠢ ᠠ᠋ ᠠ

ᠢ ᠶ᠋ᠢᠨ ᠪᠠᠳᠠᠭ ᠠ᠋ ᠬᠦ

ᠣᠴᠢᠵᠤ ᠢᠷᠡᠬᠦ ᠬᠣᠶᠠᠷ ᠵᠠᠮ ᠴᠢᠨᠢ

ᠰᠠᠷᠠᠭᠤᠯᠬᠠᠨ ᠪᠠᠢᠭᠠᠰᠠᠢ

ᠣᠷᠣᠬᠤ ᠡᠭᠡᠬᠦ ᠬᠣᠶᠠᠷ ᠡᠭᠦᠳᠡ ᠴᠢᠨᠢ

ᠥᠷᠭᠡᠨ ᠪᠠᠢᠭᠠᠰᠠᠢ

ᠣᠮᠣᠭ ᠪᠣᠯᠤᠭᠠᠳ ᠵᠣᠷᠢᠭ ᠴᠢᠨᠢ ᠳᠡ

ᠲᠡᠭᠦᠯᠳᠡᠷ ᠪᠠᠢᠭᠠᠰᠠᠢ

ᠣᠷᠴᠢᠯᠠᠩ ᠳᠡᠯᠡᠬᠡᠢ ᠶ᠋ᠢᠨ ᠣᠨᠢᠰᠣ ᠶ᠋ᠢ ᠨᠡᠭᠡᠭᠡᠬᠦ

ᠣᠶᠤᠨ ᠲᠠᠢ ᠪᠠᠢᠭᠠᠰᠠᠢ

ᠣ ᠲᠣᠯᠣᠭᠠᠢ ᠪᠠᠷ ᠣᠷᠣᠰᠢᠭᠤᠯᠤᠨ ᠬᠣᠯᠪᠣᠬᠤ

ᠳᠥᠷᠪᠡᠳᠦᠭᠡᠷ ᠪᠠᠳᠠᠭ ᠠ᠋ ᠬᠦ

ᠤᠷᠤᠭ ᠰᠠᠳᠤᠨ ᠭᠡᠳᠡᠭ ᠴᠢᠨᠢ

ᠲᠥᠷᠥᠯ ᠦ᠋ᠨ ᠬᠡᠯᠬᠢᠶ᠎ᠡ

ᠤᠴᠠᠷᠠᠯ ᠪᠠᠷᠢᠯᠳᠤᠭ᠎ᠠ ᠭᠡᠳᠡᠭ ᠴᠢᠨᠢ

ᠬᠥᠮᠦᠨ ᠦ᠌ ᠬᠡᠯᠬᠢᠶ᠎ᠡ

ᠤᠬᠠᠭᠠᠨ ᠵᠣᠷᠢᠭ ᠭᠡᠳᠡᠭ ᠴᠢᠨᠢ ᠳᠡ

ᠰᠡᠳᠬᠢᠯ ᠦ᠋ᠨ ᠬᠡᠯᠬᠢᠶ᠎ᠡ

ᠤᠰᠤ ᠠᠭᠠᠷ ᠨᠠᠷᠠ ᠯᠠ ᠭᠡᠳᠡᠭ ᠴᠢᠨᠢ ᠳᠡ

ᠠᠮᠢ ᠠᠬᠤᠢ ᠶ᠋ᠢᠨ ᠬᠡᠯᠬᠢᠶ᠎ᠡ

ᠣ ᠲᠣᠯᠣᠭᠠᠢ ᠪᠠᠷ ᠤᠷᠭᠤᠭᠤᠯᠤᠨ ᠬᠣᠯᠪᠣᠬᠤ

ᠲᠠᠪᠤᠳᠤᠭᠠᠷ ᠪᠠᠳᠠᠭ ᠠ᠋

ᠥᠷᠭᠥᠭᠡ ᠭᠡᠷ ᠢ᠋ ᠪᠡᠨ ᠪᠠᠷᠢᠶ᠎ᠠ ᠭᠡᠪᠡᠯ

ᠨᠤᠲᠤᠭ ᠢ᠋ᠶ᠋ᠠᠨ ᠰᠢᠯᠢᠭᠡᠷᠡᠢ

ᠥᠨᠢᠷ ᠰᠦᠷᠦᠭ ᠢ᠋ᠶ᠋ᠡᠨ ᠬᠠᠷᠢᠭᠤᠯᠤᠶ᠎ᠠ ᠭᠡᠪᠡᠯ

ᠪᠡᠯᠴᠢᠭᠡᠷ ᠢ᠋ᠶ᠋ᠡᠨ ᠰᠣᠩᠭᠣᠭᠠᠷᠠᠢ

ᠥᠷᠢᠭᠦᠦ ᠲᠥᠷᠢᠭᠥᠣ ᠬᠡᠯᠡᠯᠴᠡᠶ᠎ᠡ ᠭᠡᠪᠡᠯ

ᠲᠠᠯᠠᠪᠠᠢ ᠪᠠᠨ ᠬᠢᠨᠠᠭᠠᠷᠠᠢ

ᠥᠭᠡᠳᠡᠩ ᠲᠣᠷᠭ᠎ᠠ ᠡᠮᠦᠰᠦᠶ᠎ᠡ ᠭᠡᠪᠡᠯ

ᠥᠩᠭᠡ ᠶ᠋ᠢ ᠨᠢ ᠦᠵᠡᠭᠡᠷᠡᠢ

ᠠ ᠠ᠋ ᠢ ᠣ ᠣ ᠦ ᠦ

ᠵᠢᠷᠭᠤᠳᠤᠭᠠᠷ ᠪᠠᠳᠠᠭ ᠠ᠋

ᠦᠭᠡ ᠬᠡᠯᠡ ᠪᠡᠨ ᠪᠣᠯᠪᠠᠰᠤᠨ ᠬᠡᠷᠡᠭᠯᠡᠬᠦ

ᠮᠣᠩᠭᠣᠯ ᠤ᠋ᠨ ᠵᠠᠩᠰᠢᠯ

ᠦᠰᠦᠭ ᠪᠢᠴᠢᠭ ᠢ᠋ᠶ᠋ᠡᠨ ᠪᠣᠰᠤᠭ᠎ᠠ ᠪᠠᠷ ᠲᠡᠮᠳᠡᠭᠡᠯᠡᠬᠦ

ᠮᠣᠩᠭᠣᠯ ᠤ᠋ᠨ ᠰᠣᠶᠣᠯ ᠠ᠋

ᠦᠯᠢᠭᠡᠷ ᠴᠠᠳᠢᠭ ᠢ᠋ᠶ᠋ᠠᠨ ᠤᠶᠠᠩᠭᠠᠯᠠᠭᠠᠳ ᠬᠡᠯᠡᠬᠦ ᠨᠢ

ᠮᠣᠩᠭᠣᠯ ᠤ᠋ᠨ ᠤᠷᠠᠯᠢᠭ

ᠦᠨᠳᠦᠰᠦᠲᠡᠨ ᠶᠠᠰᠤᠲᠠᠨ ᠢ᠋ᠶ᠋ᠠᠨ ᠬᠠᠢᠷᠠᠯᠠᠵᠤ ᠶᠠᠪᠤᠬᠤ ᠨᠢ

ᠪᠢᠳᠡ ᠪᠦᠬᠦᠨ ᠦ᠌ ᠡᠭᠦᠷᠭᠡ ᠠ᠋

ᠠ ᠠ᠋ ᠢ ᠣ ᠣ ᠦ ᠦ

ᠳᠣᠯᠣᠭᠠᠬᠠᠨ ᠪᠠᠳᠠᠭ ᠠ᠋ ᠬᠦ

   ᠦᠰᠦᠭ ᠠᠮᠢᠯᠠᠭᠤᠯᠵᠤ ᠬᠠᠲᠠᠭᠰᠠᠨ ᠨᠢ᠄ ᠰᠡᠴᠡᠡᠪᠠᠲᠦ

   ᠬᠢᠨᠠᠭᠴᠢ᠄ ᠢᠷᠡᠭᠡᠳᠦᠢ᠂ ᠴᠢᠨᠳᠠᠮᠤᠨᠢ

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com