ᠭᠢᠨᠳᠠᠨ  ᠡᠪᠳᠡᠵᠦ ᠭᠠᠳᠠ ᠎ᠪᠠᠨ ᠠᠪᠤᠷᠠᠭᠰᠠᠨ ᠨᠢ
2026-06-14
ᠣᠩᠱᠢᠭ᠍ᠰᠠᠨ ᠣᠳᠠᠭ᠎ᠠ᠄

ᠭᠢᠨᠳᠠᠨ ᠎ ᠢ ᠡᠪᠳᠡᠵᠦ ᠭᠠᠳᠠ ᠎ᠪᠠᠨ ᠠᠪᠤᠷᠠᠭᠰᠠᠨ ᠨᠢ

 

                ᠭᠠᠳᠠ ᠮᠡᠶ᠋ᠢᠷᠡᠨ ᠪ ᠦᠯᠢᠭᠡᠷ ᠡᠴᠡ

                ᠰᠣᠩᠭᠣᠨ ᠨᠠᠶ᠋ᠢᠷᠠᠭᠤᠯᠤᠭᠰᠠᠨ ᠨᠠᠶ᠋ᠢᠷᠯᠠᠯ ᠬᠣᠯᠪᠣᠬ᠋᠎ᠠ

 

            ᠲᠣᠭᠯᠠᠭᠴᠢ ᠄ ᠠ‍  ᠡ‍ ᠢ‍  ᠣ‍ ᠵᠡᠷᠭᠡ ᠬᠥᠮᠦᠰ 

 

ᠤᠯᠠᠨ ᠄

          ᠬᠤᠭᠤᠷ ᠶ᠋ᠢᠠᠨ ᠪᠠᠷᠢᠭᠠᠳ ᠬᠣᠯᠪᠣᠲᠠᠭ ᠨᠢ

          ᠬᠣᠪᠢᠨ ᠪ ᠦᠨᠲᠦᠰᠦᠲᠡᠨ ᠪ ᠣᠨᠴᠠᠯᠢᠬ ᠠ᠋ ᠂

          ᠬᠠᠲᠠᠨ ᠪᠠᠭᠠᠲᠤᠷ ᠶ᠋ᠢᠠᠨ ᠮᠠᠭᠲᠠᠲᠠᠭ ᠨᠢ

          ᠬᠣᠯᠪᠣᠭᠠᠴᠢᠨ ᠪᠢᠲᠡᠨ ᠪ ᠵᠠᠩᠰᠢᠯ ᠠ᠋ ᠃

 

          ᠮᠣᠷᠢᠨ ᠬᠤᠭᠤᠷ ᠶ᠋ᠢᠠᠨ  ᠬᠥᠭᠯᠡᠭᠦᠯᠳᠡᠭ ᠨᠢ

          ᠮᠠᠯᠴᠢᠨ ᠪᠢᠲᠡᠨ ᠪ ᠤᠯᠠᠮᠵᠢᠯᠠᠯ ᠠ᠋ ᠂

          ᠮᠠᠭᠲᠠᠭᠠᠯᠲᠤ ᠦᠢᠯᠡᠰ ᠶ᠋ᠢᠡᠨ ᠤᠶᠠᠩᠭᠠᠯᠠᠲᠠᠭ ᠨᠢ

          ᠮᠣᠩᠭᠣᠯᠴᠤᠳ ᠪᠢᠲᠡᠨ ᠪ ᠣᠮᠣᠭᠰᠢᠯ ᠠ᠋ ᠃

 

 ᠠ‍ ᠄

       ᠵᠸ ᠂ ᠦᠯᠢᠭᠡᠷ ᠦ᠋ᠨ ᠦᠴᠢᠷ ᠂ ᠦᠭᠦᠯᠡᠬᠦ ᠬᠣᠯᠪᠣᠬ᠋᠎ᠠ1929 ᠣᠨ ᠪ ᠤᠴᠢᠷ ᠪᠣᠯᠤᠨ᠎ᠠ ᠃ ᠣᠷᠣᠢ ᠶ᠋ᠢᠨ  ᠴᠢᠮᠡᠭ ᠭᠡᠵᠦ ᠣᠭᠰᠣᠯᠵᠠᠭᠰᠠᠨ ᠳᠠᠷᠬᠠᠨ ᠸᠠᠩ ᠥᠩᠭᠡ ᠳᠠᠷᠠᠰᠤᠨ  ᠳᠦ ᠪᠢᠯᠠᠭᠤᠷᠠᠭᠠᠳ ᠂ ᠬᠢᠲᠠᠳ ᠦ᠋ᠨ ᠵᠠᠯᠢᠬᠠᠢ ᠶ᠋ᠢᠨ ᠥᠬᠢᠨ ᠊ᠢ ᠬᠠᠲᠤᠨ ᠲᠠᠲᠠᠵᠤ ᠲᠠᠩᠰᠤᠭ ᠪᠠᠶᠠᠯᠢᠬ ᠳᠠᠷᠬᠠᠨ ᠬᠤᠰᠢᠭᠤ ᠪᠠᠨ ᠰᠠᠨᠠᠬ᠋᠎ᠠ ᠲᠠᠪᠠ ᠪᠠᠷ ᠶ᠋ᠢᠠᠨ ᠬᠤᠲᠠᠯᠲᠤᠬᠤ ᠳᠦ ᠭᠠᠲᠠ ᠮᠡᠶ᠋ᠢᠷᠡᠨ ᠲᠦᠷᠦᠭᠦᠲᠠᠢ ᠮᠠᠯᠴᠢᠳ ᠦ᠋ᠨ ᠡᠩᠨᠡᠭᠡ ᠳᠠᠷᠬᠠᠨ ᠪ ᠮᠣᠩᠭᠣᠯᠴᠤᠳ ᠶ᠋ᠢᠠᠨ ᠲᠥᠯᠥᠭᠡᠯᠡᠵᠦ ᠮᠦᠭᠳᠡᠨ  ᠳᠦ ᠬᠦᠷᠴᠦ ᠵᠠᠭᠠᠯᠲᠤᠯᠬ᠋᠎ᠠ  ᠬᠢᠭᠰᠡᠨ ᠳᠦ ᠭᠡᠲᠡᠷᠭᠦ ᠸᠠᠩ ᠊ᠢ  ᠡᠰᠡᠷᠭᠦᠴᠡᠭᠰᠡᠨ ᠶᠠᠯ᠎ᠠ ᠲᠤᠯᠭᠠᠵᠤ ᠂ ᠭᠢᠨᠲᠠᠨ ᠳᠦ ᠬᠣᠷᠢᠵᠤ ᠠᠯᠠᠬᠤ ᠶᠠᠯ᠎ᠠ ᠪᠠᠷ ᠰᠢᠳᠬᠡᠭᠳᠡᠪᠡ᠃

 

ᠤᠯᠠᠨ ᠄

          ᠦᠭᠦᠯᠡᠵᠦ ᠬᠡᠯᠡᠬᠦ ᠬᠣᠯᠪᠣᠬ᠋᠎ᠠ

          ᠡᠨᠲᠡ ᠡᠴᠡ ᠰᠡᠲᠦᠪ ᠵᠠᠯᠭᠠᠨ᠎ᠠ ᠂

          ᠥᠷᠯᠥᠭ ᠪᠠᠭᠠᠲᠤᠷ ᠶ᠋ᠢᠠᠨ ᠠᠪᠤᠷᠠᠬᠤ

          ᠥᠷᠨᠢᠭᠦᠨ ᠪᠠᠶ᠋ᠢᠯᠲᠤᠭᠠᠨ ᠶ᠋ᠢᠠᠨ ᠲᠣᠭᠠᠴᠢᠨ᠎ᠠ

          ᠬᠠᠷ᠎ᠠ ᠡᠭᠦᠯᠡ ᠨᠡᠲᠦᠶ᠋ᠢᠭᠡᠳ

          ᠬᠠᠨ ᠳᠡᠯᠡᠬᠡᠢ ᠬᠠᠷᠠᠩᠭᠤᠶ᠋ᠢᠯᠠᠨ᠎ᠠ ᠂

          ᠬᠠᠤᠬᠢᠬᠤ ᠰᠠᠯᠬᠢ ᠢᠰᠬᠡᠷᠦᠭᠡᠳ

          ᠬᠠᠮᠤᠭ ᠪᠣᠲᠠᠰ ᠊ᠢ ᠰᠢᠯᠪᠢᠭᠦᠷᠲᠡᠨ᠎ᠡ ᠃

 

          ᠡᠯᠡᠷ ᠪᠠᠯᠠᠷ ᠴᠠᠰᠤᠨ ᠳᠤᠮᠳᠠᠭᠤᠷ

          ᠠᠷᠪᠠᠭᠠᠳ ᠮᠣᠷᠢᠲᠠᠨ ᠳᠠᠪᠬᠢᠭᠤᠯᠵᠤ ᠢᠷᠡᠨ᠎ᠡ ᠃

          ᠠᠷᠪᠠᠨ ᠨᠠᠢ᠍ᠮᠠᠨ ᠳᠠᠪᠠᠬ᠋᠎ᠠ ᠶ᠋ᠢᠨ ᠳᠡᠭᠡᠭᠦᠷ

          ᠠᠭᠲᠠ ᠬᠥᠯᠦᠭ ᠶ᠋ᠢᠡᠨ ᠨᠢᠰᠭᠡᠵᠤ ᠢᠷᠡᠨ᠎ᠡ ᠃

          ᠪᠣᠮᠪᠣᠭᠣᠷ ᠱᠣᠮᠪᠣᠭᠣᠷ ᠵᠣ᠋ ᠂ ᠬᠤᠸᠠ ᠶ᠋ᠢ

          ᠳᠠᠪᠠᠭᠠᠳ ᠳᠠᠪᠠᠭᠠᠳ ᠭᠠᠷᠴᠤ ᠶᠠᠪᠤᠨ᠎ᠠ ᠂

          ᠪᠣᠰᠤᠬ᠋᠎ᠠ ᠪᠣᠰᠤᠬ᠋᠎ᠠ ᠡᠯᠡᠰᠦ ᠮᠠᠩᠬ᠎ᠠ ᠶ᠋ᠢ

          ᠥᠩᠭᠡᠷᠡᠭᠡᠳ ᠥᠩᠭᠡᠷᠡᠭᠡᠳ ᠬᠠᠷᠠᠶ᠋ᠢᠯᠭᠠᠵᠤ ᠶᠠᠪᠤᠨ᠎ᠠ ᠃

          ᠴᠠᠩ ᠡᠸ ᠳᠠᠭᠢᠨᠢᠰ ᠦ᠋ᠨ ᠪᠤᠷᠢᠯᠤ᠎ᠠ ‍ᠤᠤ

          ᠴᠠᠭᠠᠨ ᠬᠤᠶᠠᠭ ᠬᠡᠲᠤᠷᠴᠡᠵᠠᠢ

          ᠴᠠᠰᠤᠨ ᠰᠠᠬᠢᠭᠤᠯᠰᠤᠨ ᠪ ᠬᠤᠪᠢᠯᠭᠠᠨ ‍ᠤᠤ

          ᠴᠠᠶ᠋ᠢᠷᠠᠰ ᠲᠠᠲᠠᠨ ᠭᠢᠯᠪᠡᠯᠵᠡᠵᠡᠢ ᠃

          ᠴᠠᠰᠤ ᠰᠢᠭᠤᠷᠬ᠋᠎ᠠ ᠲᠣᠭᠰᠢᠷᠵᠤ ᠯᠠ ᠪᠠᠶ᠋ᠢᠨ᠎ᠠ᠂

          ᠰᠠᠯᠬᠢᠨ ᠪ ᠬᠦᠴᠦᠨ  ᠳᠦ ᠢᠰᠬᠡᠷᠴᠦ ᠯᠡ ᠪᠠᠶ᠋ᠢᠨ᠎ᠠ᠃

          ᠴᠠᠭᠠᠨ ᠬᠤᠶᠠᠭᠲᠠᠳ ᠳᠠᠪᠬᠢᠯᠲ‍ᠤᠵᠤ ᠯᠠ ᠪᠠᠶ᠋ᠢᠨ᠎ᠠ᠂

          ᠴᠠᠯᠲ‍ᠠᠰ ᠦ᠋ᠨ ᠡᠭᠦᠷ  ᠣᠶ᠋ᠢᠷᠠᠤ‍ᠠᠴᠤ ᠯᠠ ᠪᠠᠶ᠋ᠢᠨ᠎ᠠ᠃

 

 ᠡ‍᠄

       ᠵᠸ᠂  ᠥᠷᠯᠥᠭ ᠪᠠᠭᠠᠲᠤᠷ ᠭᠠᠳᠠ ᠮᠡᠶ᠋ᠢᠷᠡᠨ ᠊ᠢ  ᠥᠰᠢᠶᠡᠲᠡᠨ ᠳᠠᠶ᠋ᠢᠰᠤᠨ ᠬᠣᠣᠷᠯᠠᠬᠤ ᠴᠢᠮᠡᠭᠡ ᠶ᠋ᠢ ᠰᠣᠨᠣᠰᠤᠭᠠᠳ᠂ ᠥᠷᠦᠴᠡ ᠵᠢᠷᠦᠬᠡ ᠨᠢ ᠳᠡᠯᠪᠡᠷᠡᠲᠡᠯ᠎ᠡ ᠬᠢᠯᠢᠩᠯᠡᠵᠦ᠂ ᠥᠨᠡᠭᠡ ᠴᠢᠨᠣ᠎ᠠ ᠶ᠋ᠢ ᠬᠢᠶᠠᠷᠠᠲᠠᠯ᠎ᠠ ᠠᠯᠠᠵᠤ ᠥᠪᠡᠷ ᠦ᠋ᠨ ᠮᠡᠶ᠋ᠢᠷᠡᠨ ᠊ᠢ ᠠᠪᠤᠷᠠᠬᠤ ᠪᠠᠷ ᠮᠦᠲ‍ᠡᠨ ᠶ᠋ᠢᠡᠷ ᠲᠣᠯᠣᠭᠠᠶ᠋ᠢᠯᠠᠭᠰᠨ ᠮᠠᠯᠴᠢᠳ ᠦ᠋ᠨ ᠡᠩᠨᠡᠭᠡ ᠠᠶᠣᠯᠲᠤ ᠰᠢᠭᠤᠷᠬ᠋᠎ᠠ  ᠳᠦ ᠰᠢᠷᠭᠤᠯᠵᠤ ᠢᠷᠡᠭᠰᠡᠨ ᠨᠢ ᠡᠨᠡ ᠪᠠᠶ᠋ᠢᠵᠠᠢ᠃

 

          ᠠᠲᠠᠭᠠᠲᠠᠨ ᠳᠡᠭᠡᠷᠡᠮ ᠦ᠋ᠨ ᠡᠭᠦᠷ ᠊ᠢ

          ᠠᠯᠲ‍ᠠᠯ ᠦᠭᠡᠢ ᠭᠠᠯᠲ‍ᠠᠬᠤ ᠶ᠋ᠢᠨ ᠲᠥᠯᠥᠭᠡ

          ᠠᠶᠤᠯᠲᠤ ᠭᠢᠨᠲ‍ᠠᠨ ᠊ᠢ ᠪᠠᠯᠪᠠᠴᠢᠭᠠᠳ

          ᠠᠮᠠᠷᠠᠭ ᠨᠥᠬᠥᠷ ᠶ᠋ᠢᠡᠨ ᠠᠪᠤᠷᠠᠬᠤ ᠶ᠋ᠢᠨ ᠲᠥᠯᠥᠭᠡ

 

          ᠥᠯᠵᠡᠶ᠋ᠢᠲᠦ ᠶ᠋ᠢᠨ ᠮᠠᠩᠬ᠎ᠠ ᠶ᠋ᠢᠨ ᠡᠩᠭᠡᠷ᠎ ᠲᠤ

          ᠦᠶ᠎ᠡ ᠶ᠋ᠢᠨ ᠨᠥᠬᠥᠳ ᠶ᠋ᠢᠡᠨ ᠦᠯᠡᠲ‍ᠡᠭᠡᠨ᠎ᠡ᠃

          ᠤᠨᠤᠭᠰᠠᠨ ᠬᠥᠯᠥᠭ ᠦ᠋ᠨ ᠲᠤᠭᠤᠷᠠᠢ ᠳ᠋ᠤᠨᠢ

          ᠡᠭᠦᠯᠡ ᠰᠠᠯᠬᠢ ᠣᠷᠢᠶᠠᠯᠲ‍ᠤᠨ᠎ᠠ᠂

          ᠤᠭᠠᠯᠵᠠ ᠬᠡ ᠲᠡᠢ ᠬᠦᠯᠢᠮ ᠨᠢ

          ᠡᠨᠲᠢ ᠲᠡᠨᠲ‍ᠡᠢ ᠨᠢ ᠳᠡᠯᠭᠡᠨ᠎ᠡ᠃

          ᠬᠤᠷᠠᠭᠠᠨ ᠠᠷᠠᠰᠤᠨ ᠬᠦᠷᠮ᠎ᠡ ᠨᠢ

          ᠯᠠᠪᠷᠠᠢ ᠪᠣᠯᠤᠨ ᠯᠠᠪᠰᠠᠯᠠᠨ᠎ᠠ᠃

 

          ᠪᠤᠲᠠᠨ ᠳᠦ ᠰᠢᠷᠭᠤᠭᠰᠠᠨ ᠴᠢᠨᠣ᠎ᠠ ᠨᠤᠭᠤᠳ

          ᠰᠣᠴᠢᠨ ᠰᠣᠴᠢᠨ ᠪᠤᠷᠤᠭᠤᠯᠠᠨ᠎ᠠ

          ᠡᠯᠢᠨ ᠬᠠᠯᠢᠨ ᠪᠦᠷᠭᠦᠳ

          ᠡᠮᠦᠨ᠎ᠡ ᠬᠣᠶ᠋ᠢᠨ᠎ᠠ ᠳᠡᠪᠲ‍ᠡᠷᠢᠨ᠎ᠡ     

          ᠥᠰᠢᠶᠡᠲᠡᠨ ᠳᠠᠶ᠋ᠢᠰᠤᠨ ᠪ ᠤᠷᠳᠤ ᠶ᠋ᠢ  

          ᠦᠵᠡᠬᠦ ᠶ᠋ᠢᠨ ᠬᠣᠭᠣᠷᠣᠨᠳᠣ ᠣᠶ᠋ᠢᠷᠠᠲᠤᠨ᠎ᠠ᠃

 

 ᠢ‍᠄

       ᠵᠸ ᠮᠦᠲ‍ᠠᠨ ᠥᠰᠢᠶᠡᠲᠡᠨ ᠳᠠᠶ᠋ᠢᠰᠤᠨ ᠪ ᠡᠭᠦᠷ ᠲᠦ ᠰᠢᠷᠭᠤᠯᠠᠨ ᠬᠢᠨᠲ‍ᠠᠨ ᠊ᠢ ᠬᠠᠮᠢᠶᠠᠷᠴᠤ ᠪᠠᠶ᠋ᠢᠬᠰᠠᠨ ᠸᠠᠩ ᠦ᠋ᠨ ᠪᠢᠴᠢᠭᠡᠴᠢ ᠶ᠋ᠢᠨ ᠭᠡᠷ ᠲᠤ ᠣᠷᠣᠬᠤ ᠳᠦ᠄

 

          ᠬᠣᠵᠤᠤᠯ᠎ᠠ ᠶ᠋ᠢᠨ ᠭᠠᠯ ᠦ᠋ᠨ ᠰᠣᠷ ᠳᠡᠭᠡᠷ᠎ᠡ

          ᠬᠣᠨᠲ‍ᠠᠭᠠᠲᠤ ᠳᠠᠷᠠᠰᠤ ᠪᠣᠷᠭᠢᠯᠤᠨ᠎ᠠ

          ᠬᠣᠨᠢᠨ ᠨᠣᠣᠰᠣᠨ ᠢᠰᠡᠭᠡᠢ ᠳᠡᠭᠡᠷ᠎ᠡ

          ᠬᠣᠶᠠᠷ ᠭᠠᠶ᠋ᠢᠬᠠᠯ ᠰᠤᠯᠲ‍ᠠᠶ᠋ᠢᠨ᠎ᠠ᠃

 

          ᠬᠠᠷ᠎ᠠ ᠲᠠᠮᠠᠬᠢ ᠶ᠋ᠢᠨ ᠦᠨᠦᠷ

          ᠬᠠᠮᠠᠷ ᠦ᠋ᠨ ᠨᠦᠬᠡ ᠴᠣᠷᠭᠢᠨ᠎ᠠ᠂

          ᠬᠠᠷ᠎ᠠ ᠡᠷᠢᠶᠡᠨ ᠢᠯᠠᠬ᠋᠎ᠠ

          ᠬᠠᠨ᠎ᠠ ᠬᠡᠷᠡᠮ ᠮᠥᠷᠭᠦᠯᠬᠢᠯᠠᠨ᠎ᠠ᠃

 

 ᠠ‍᠄

       ᠮᠦᠲ‍ᠠᠨ ᠭᠢᠨᠲ‍ᠠᠨ ᠪ ᠪᠠᠶ᠋ᠢᠲ‍ᠠᠯ ᠊ᠢ ᠤᠯᠠᠮ ᠨᠢᠭᠡ ᠠᠯᠬᠤᠮ ᠤᠶ᠋ᠢᠯᠭᠠᠬᠤ ᠶ᠋ᠢᠨ ᠲᠥᠯᠥᠭᠡ ᠲᠥᠪᠯᠡᠭᠦᠨ ᠶ᠋ᠢᠡᠷ ᠬᠣᠶᠠᠷ ᠪᠢᠴᠢᠭᠡᠴᠢ ᠳᠦ᠄

 

          ᠬᠣᠲᠠ ᠠ᠋ᠴᠠ ᠠᠪᠴᠢᠷᠠᠭᠰᠠᠨ ᠲᠠᠮᠠᠬᠢ ᠭᠡᠳ

          ᠬᠣᠶᠠᠷ ᠭᠠᠶ᠋ᠢᠬᠠᠯ ᠳᠦ ᠳᠦᠯᠬᠢᠨ᠎ᠠ᠂

          ᠬᠣᠷᠠᠮᠲ‍ᠠᠭᠤᠯᠵᠤ ᠴᠤᠭᠯᠠᠭᠤᠮᠤᠭᠰᠠᠨ ᠰᠢᠷ᠎ᠠ ᠲᠣᠰᠣ ᠭᠡᠳ

          ᠬᠣᠷᠭᠣ ᠳᠡᠭᠡᠷ᠎ᠡ ᠨᠢ ᠲᠠᠯᠪᠢᠨ᠎ᠠ᠃

 

          ᠥᠪᠡᠷ ᠦ᠋ᠨ ᠨᠥᠬᠥᠷ ᠭᠠᠳᠠ ᠪᠠᠨ

          ᠦᠵᠡᠶ᠎ᠡ ᠭᠡᠳ ᠭᠤᠶᠤᠵᠤ ᠪᠠᠶ᠋ᠢᠨ᠎ᠠ

          ᠥᠷᠥᠴᠡ ᠵᠢᠷᠦᠬᠡᠨ ᠳ᠋ᠡᠭᠡᠨ ᠡᠨᠡᠷᠢᠭᠡᠷᠡᠢ ᠭᠡᠳ

          ᠡᠨᠡ ᠬᠣᠶᠠᠷ ᠊ᠢ ᠱᠠᠭᠠᠷᠲ‍ᠠᠨ᠎ᠠ᠃

 

 

  ᠠ‍᠄

       ᠬᠣᠶᠠᠷ ᠪᠢᠴᠢᠭᠡᠴᠢ ᠲᠠᠮᠠᠬᠢ᠂ ᠲᠣᠰᠣ ᠶ᠋ᠢ ᠦᠵᠡᠭᠡᠳ᠄

        

          ᠲᠣᠰᠣ ᠲᠠᠮᠠᠬᠢ ᠳᠤᠲᠠᠬᠤ ᠦᠭᠡᠢ ᠭᠡᠳ

          ᠲᠣᠯᠣᠭᠠᠢ ᠲᠦᠷᠦᠭᠦᠦ ᠪᠡᠨ ᠳᠠᠮᠠᠷᠤᠲ‍ᠠᠨ᠎ᠠ᠃

          ᠳᠣᠯᠣᠪᠤᠷ ᠬᠤᠷᠤᠭᠤ ᠪᠠᠷ ᠲᠦᠯᠬᠢᠭᠡᠳ  

          ᠳᠤᠮᠳᠠ ᠬᠤᠷᠤᠭᠤ ᠪᠠᠷ ᠶ᠋ᠢᠠᠨ ᠭᠣᠬᠠᠲ‍ᠠᠨ᠎ᠠ᠃

 

          ᠡᠳ᠋ ᠪᠡᠯᠡᠭ ᠊ᠢ ᠨᠢ ᠬᠤᠷᠢᠶᠠᠴᠢᠬᠠᠭᠠᠳ

          ᠡᠨᠡᠲᠡᠢ ᠲᠠᠯ᠎ᠠ ᠳ᠋ᠠᠭᠠᠨ ᠣᠪᠤᠭᠠᠯᠠᠨ᠎ᠠ

          ᠡᠨᠡ ᠴᠠᠰᠤᠨ ᠳᠦ ᠪᠣᠯᠬᠤ ᠦᠭᠡᠢ ᠭᠡᠳ

          ᠡᠷᠭᠢᠵᠦ ᠮᠦᠲ‍ᠠᠨ  ᠊ᠢ ᠬᠥᠭᠡᠭᠡᠨ᠎ᠡ

 

 ᠣᠯᠠᠨ᠄

          ᠵᠠ᠂ ᠡᠭᠦᠨ ᠊ᠢ ᠦᠵᠡᠭᠡᠳ ᠮᠦᠲ‍ᠠᠨ ᠪ

          ᠬᠣᠩᠭᠣᠷ ᠵᠢᠷᠦᠬᠡᠨ ᠪ ᠬᠢᠯᠢᠩ ᠨᠢ

          ᠬᠤᠵᠤᠤᠯ᠎ᠠ ᠶ᠋ᠢᠨ ᠭᠠᠯ ᠰᠢᠭ᠋ ᠳᠦᠷᠡᠯᠵᠡᠨ᠎ᠡ᠂

          ᠬᠣᠷᠢᠬᠲ‍ᠠᠬᠤ ᠨᠥᠬᠥᠷ ᠶ᠋ᠢᠡᠨ ᠰᠠᠨᠠᠭᠠᠳ

          ᠬᠣᠷᠣᠰᠤᠯ ᠵᠠᠨᠤᠯ ᠨᠢ ᠨᠡᠮᠡᠭᠳᠡᠨ᠎ᠡ᠃

 

          ᠡᠮᠤᠰᠴᠤ ᠪᠠᠶ᠋ᠢᠬᠰᠠᠨ ᠭᠠᠲ‍ᠠᠷ ᠳᠡᠪᠡᠯ ᠦ᠋ᠨ ᠶ᠋ᠢᠡᠨ

          ᠡᠩᠭᠡᠷ ᠬᠣᠷᠮᠣᠢ ᠶ᠋ᠢ ᠨᠢ ᠰᠠᠵᠢᠮᠠᠭᠴᠠ᠂

          ᠥᠷᠭᠡᠨ ᠪᠦᠰᠡᠨ ᠳ᠋ᠡᠬᠢ ᠫᠣᠣ ᠪᠠᠨ

          ᠥᠤ‍ᠠᠲᠡᠷ ᠲᠦᠷᠭᠡᠨ ᠰᠤᠭᠤᠯᠤᠨ᠎ᠠ᠃

 

          ᠭᠠᠯ ᠪᠠᠲ‍ᠠᠷᠠᠭᠰᠠᠨ ᠨᠢᠳᠦ ᠨᠢ

          ᠭᠠᠷᠠᠬ᠎ᠠ ᠠᠲ‍ᠠᠯᠢ ᠲᠥᠭᠥᠷᠢᠭ᠌ᠯᠡᠨ᠎ᠡ᠂

          ᠭᠠᠷᠬᠤ ᠡᠭᠦᠳᠡ ᠶ᠋ᠢ ᠨᠢ ᠪᠦᠭᠯᠡᠭᠡᠳ

          ᠭᠠᠷ ᠫᠣᠣ ᠪᠠᠨ ᠲᠤᠯᠭᠠᠨ᠎ᠠ᠃

 

          ᠬᠣᠶᠠᠷ ᠭᠠᠶ᠋ᠢᠬᠠᠯ ᠥᠨᠲ‍ᠡᠶ᠋ᠢᠨ᠎ᠡ᠂

          ᠬᠣᠶ᠋ᠢᠭᠤᠷ ᠠᠷᠬ᠋᠎ᠠ ᠪᠠᠨ ᠰᠢᠪᠬᠠᠨ᠎ᠠ᠃

          ᠬᠡᠪᠲᠡᠭᠰᠡᠨ ᠣᠷᠣᠨ ᠠ᠋ᠴᠠ ᠪᠠᠨ ᠮᠥᠯᠬᠦᠨ᠎ᠠ᠂

          ᠬᠦᠰᠡᠷ ᠰᠥᠭᠦᠲ‍ᠦᠭᠡᠳ ᠶᠣᠭᠣᠨ᠎ᠠ᠃

 

          ᠠᠩᠴᠢᠨ ᠬᠥᠮᠦᠨ ᠪ ᠦᠷᠡᠰ ᠶᠤᠮ

          ᠠᠷᠢᠶᠠᠲᠠᠨ ᠪ ᠠᠷᠬ᠋᠎ᠠ ᠳᠦ ᠭᠡᠨᠡᠳᠡᠭᠳᠡᠬᠦ ‍ᠦᠦ?

          ᠠᠮᠠᠷᠠᠭ ᠨᠥᠬᠥᠷ ᠶ᠋ᠢᠡᠨ ᠠᠪᠤᠷᠠᠬᠤ ᠶ‍ᠤᠮ᠃

          ᠠᠶᠤᠤᠯᠢᠬᠠᠢ ᠴᠡᠭᠡᠵᠢ ᠨᠢ ᠪᠠᠯᠠᠷᠲ‍ᠠᠬᠤ ‍ᠦᠦ?

 

          ᠲᠣᠩᠰᠢᠭᠤᠷ ᠰᠢᠪᠠᠭᠤ ᠰᠢᠭ᠋ ᠬᠡᠬᠦᠯᠵᠡᠭᠡᠳ

          ᠲᠤᠯᠵᠤ ᠢᠷᠡᠭᠰᠡᠨ ᠬᠣᠶᠠᠷ ᠦ᠋ᠨ

          ᠳᠤᠬᠤ ᠥᠭᠡᠳᠡ ᠨᠢ ᠫᠤᠤ ᠲᠤᠯᠭᠠᠨ᠎ᠠ᠂ 

          ᠳᠤᠭᠲᠤᠷᠴᠤ ᠴᠢᠨᠠᠭᠰᠢ ᠪᠠᠨ ᠬᠥᠭᠡᠭᠡᠨ᠎ᠡ᠃

 

 ᠡ‍᠄

       ᠵᠠ᠂ ᠮᠦᠲ‍ᠠᠨ ᠬᠣᠶᠠᠷ ᠪᠢᠴᠢᠭᠡᠴᠢ ᠶ᠋ᠢ ᠨᠢᠭᠡ ᠪᠡᠷ  ᠨᠢ ᠨᠢᠭᠡ ᠶ᠋ᠢ ᠨᠢ ᠠᠲᠤᠷᠢᠲᠠᠯ᠎ᠠ ᠬᠦᠯᠢᠭᠦᠯᠦᠭᠡᠳ᠄

 

          ᠠᠭᠠᠷ ᠥᠭᠡᠳᠡ ᠬᠠᠷᠪᠤᠨ᠎ᠠ

          ᠠᠨᠳᠠ ᠨᠥᠬᠥᠳ ᠶ᠋ᠢᠡᠨ ᠴᠤᠭᠯᠠᠭᠤᠯᠤᠨ᠎ᠠ᠂

          ᠠᠲᠠᠭᠠᠲᠠᠨ ᠪ ᠡᠭᠦᠷ ᠊ᠢ ᠪᠦᠰᠡᠯᠡᠨ᠎ᠡ᠂

          ᠠᠷᠤ ᠶ᠋ᠢᠨ ᠭᠢᠨᠲ‍ᠠᠨ ᠊ᠢ ᠣᠶ᠋ᠢᠷᠠᠲᠤᠨ᠎ᠠ᠃

 

          ᠵᠠᠮ ᠦ᠋ᠨ ᠪᠣᠭᠣᠮᠲᠠ ᠶ᠋ᠢ

          ᠵᠢᠭᠠᠪᠤᠷᠢ ᠶᠣᠰᠣᠭᠠᠷ ᠬᠠᠭᠠᠨ᠎ᠠ᠃

          ᠵᠠᠯᠢᠬᠠᠢ ᠶ᠋ᠢᠨ ᠡᠭᠦᠷ ᠊ᠢ ᠲᠥᠭᠥᠷᠢᠭᠯᠡᠭᠡᠳ

          ᠵᠢᠯᠢᠢᠵᠦ ᠭᠠᠷᠬᠤ ᠡᠴᠡ ᠨᠢ ᠰᠡᠷᠭᠡᠶ᠋ᠢᠯᠡᠨ᠎ᠡ᠃

 

 ᠣᠯᠠᠠ᠄

       ᠵᠠ᠂ ᠮᠦᠲ‍ᠠᠨ ᠪ‍ ᠳᠣᠬᠢᠶ᠎ᠠ ᠶ᠋ᠢ ᠰᠣᠨᠣᠰᠤᠮᠠᠭᠴᠠ ᠦᠶ᠎ᠡ ᠶ᠋ᠢᠨ ᠨᠥᠬᠥᠳ ᠨᠢ ᠸᠠᠩ ᠦ᠋ᠨ ᠤᠷᠲᠤ ᠶ᠋ᠢ ᠭᠠᠩ ᠴᠠᠭᠠᠷᠢᠭ ᠰᠢᠭ᠋ ᠪᠦᠰᠡᠯᠡᠨ ᠠᠪᠤᠭᠠᠳ ᠮᠦᠲ‍ᠠᠨ ᠊ᠢ ᠳᠠᠭᠠᠭᠠᠳ ᠳᠣᠲᠣᠭᠰᠢ ᠪᠠᠶ᠋ᠢᠯᠲ‍ᠤᠨ ᠣᠷᠣᠨ᠎ᠠ᠃

 

          ᠬᠣᠶᠠᠷ ᠮᠣᠷᠢ ᠶ᠋ᠢ ᠮᠦᠲ‍ᠠᠨ ᠲᠠᠰᠢᠭᠤᠷᠲ‍ᠠᠨ

          ᠬᠠᠮᠤᠭ ᠡᠮᠦᠨ᠎ᠡ ᠨᠢ ᠬᠤᠰᠢᠭᠤᠷᠠᠨ᠎ᠠ᠂

          ᠬᠣᠣᠰ ᠫᠣᠣ ᠶ᠋ᠢ ᠴᠡᠨᠡᠭᠯᠡᠨ

          ᠬᠣᠷᠢᠬᠲ‍ᠠᠯ ᠦ᠋ᠨ ᠭᠡᠷ ᠊ᠢ ᠴᠢᠭ᠌ᠯᠡᠨ᠎ᠡ᠃

 

          ᠵᠢᠷᠦᠬᠡᠨ ᠭᠣᠣᠯ ᠊ᠢ ᠴᠢᠭ᠌ᠯᠡᠨ ᠬᠠᠷᠪᠤᠨ᠎ᠠ

          ᠵᠠᠮ ᠲᠤᠰᠬᠤ ᠬᠥᠮᠦᠨ ᠪᠠᠶ᠋ᠢᠬᠤ ‍ᠤᠤ? 

          ᠵᠥᠪ ᠪᠤᠷᠤᠭᠤ ᠪᠠᠷ ᠠᠲ‍ᠠᠯᠢ ᠬᠠᠷᠪᠤᠨ᠎ᠠ

          ᠵᠦᠭᠯᠡᠵᠦ ᠡᠰᠡᠷᠭᠦᠴᠡᠬᠦ ᠠᠮᠢᠲᠠᠨ ᠪᠠᠶ᠋ᠢᠬᠤ ‍ᠤᠤ?

 

          ᠳᠡᠷᠪᠡᠯᠵᠡᠵᠦ ᠪᠠᠶ᠋ᠢᠬᠰᠠᠨ ᠳᠠᠷᠴᠤᠭ ᠦ᠋ᠨ ᠬᠢᠨ

          ᠳᠡᠭᠡᠰᠦᠨ ᠣᠷᠢᠶᠠᠯᠲᠠ ᠶ᠋ᠢ ᠨᠢ ᠲᠠᠰᠤ ᠬᠠᠷᠪᠤᠨ᠎ᠠ᠂

          ᠳᠡᠩᠬᠡᠶ᠋ᠢᠵᠦ ᠪᠠᠶ᠋ᠢᠬᠰᠠᠨ ᠬᠠᠷᠠᠭᠤᠯ ᠦ᠋ᠳ ᠊ᠢ ᠨᠢ

          ᠳᠡᠭᠲᠡᠷ ᠳᠡᠭᠡᠷ᠎ᠡ ᠨᠢ ᠳᠡᠭᠳᠡᠢᠲᠡᠯ᠎ᠡ ᠬᠠᠷᠪᠤᠨ᠎ᠠ᠃

 

          ᠭᠠᠯ ᠯᠤᠤ ᠭᠤᠷᠪᠠᠯᠵᠠᠭᠠᠳ

          ᠤᠷᠲᠤ ᠥᠷᠪᠢᠰᠤᠨ᠎ᠡ᠂

          ᠭᠠᠩ ᠰᠤᠮᠤ ᠱᠤᠩᠭᠢᠨᠠᠭᠠᠳ

          ᠭᠠᠶ᠋ᠢᠬᠠᠯ ᠳᠡᠭᠡᠷᠡᠮ ᠦ᠋ᠳ ᠰᠤᠯᠲ‍ᠠᠶ᠋ᠢᠨ᠎ᠠ

 

          ᠲᠣᠭᠣᠷᠴᠣᠭ ᠮᠠᠯᠠᠭᠠᠢ ᠪᠠᠨ ᠬᠠᠶᠠᠭᠠᠳ

          ᠳᠤᠬᠤ ᠦᠵᠡᠭᠦᠯᠦᠨ ᠵᠢᠭᠤᠲᠠᠨ᠎ᠠ᠂

          ᠲᠣᠷᠭᠠᠨ ᠬᠥᠨᠵᠢᠯᠡ ᠪᠡᠨ ᠨᠥᠮᠦᠷᠡᠨ

          ᠳᠣᠲᠣᠭᠰᠢ ᠭᠠᠲ‍ᠠᠭᠰᠢ ᠪᠤᠷᠤᠭᠤᠯᠠᠨ᠎ᠠ᠃

 

          ᠬᠠᠷ᠎ᠠ ᠭᠡᠷ ᠦ᠋ᠨ ᠡᠭᠦᠲ‍ᠡᠨ ᠪ

          ᠬᠠᠭᠠᠯᠬ᠋᠎ᠠ ᠣᠨᠢᠰᠣ ᠶ᠋ᠢ ᠨᠢ ᠪᠠᠯᠪᠠᠴᠢᠨ᠎ᠠ᠃

          ᠬᠠᠷ᠎ᠠ ᠬᠡᠭᠡᠷ ᠮᠣᠷᠢ ᠪᠠᠨ

          ᠬᠠᠶ᠋ᠢᠷᠠᠲᠤ ᠨᠥᠬᠥᠷ ᠲᠡᠭᠡᠨ ᠭᠠᠷᠲ‍ᠠᠭᠤᠯᠤᠨ᠎ᠠ᠃

 

          ᠡᠷᠡᠯᠬᠡᠭ ᠭᠠᠳᠠ ᠭᠠᠷᠴᠠᠢ ᠭᠡᠳ

          ᠥᠰᠢᠶᠡᠲᠡᠨ ᠳᠡᠭᠡᠷᠡᠮ ᠦ᠋ᠳ ᠴᠡᠴᠡᠷᠡᠨ᠎ᠡ᠂

          ᠡᠯᠵᠢᠭᠡᠨ ᠬᠠᠰᠢᠶ᠎ᠠ ᠰᠡᠯᠡᠭᠦᠦ ᠭᠡᠳ

          ᠡᠷᠡᠦ ᠬᠠᠪᠬᠢᠨᠠᠨ ᠭᠦᠶᠦᠯᠲ‍ᠦᠨ᠎ᠡ᠃

 

       ᠵᠠ᠂ ᠲᠡᠷᠡ ᠦᠶ᠎ᠡ  ᠳᠦ᠄

 

          ᠬᠠᠭᠠᠴᠠᠭᠰᠠᠨ ᠡᠵᠡᠨ ᠲᠡᠢ ᠪᠡᠨ ᠵᠣᠯᠭᠠᠪᠠᠤ!

          ᠬᠠᠷ᠎ᠠ ᠬᠡᠭᠡᠷ ᠮᠣᠷᠢ ᠢᠨᠴᠠᠭᠠᠨ᠎ᠠ

          ᠬᠠᠶ᠋ᠢᠷᠠᠲᠤ ᠨᠥᠬᠥᠳ ᠲᠡᠢ ᠪᠡᠨ ᠤᠴᠠᠷᠠᠪᠠᠤ?

          ᠬᠠᠲ‍ᠠᠨ ᠭᠠᠳᠠ ᠪᠠᠶᠠᠷᠯᠠᠨ᠎ᠠ᠃

 

          ᠵᠠᠮ ᠵᠠᠮ ᠦ᠋ᠨ ᠨᠥᠬᠥᠳ ᠨᠢ

          ᠵᠢᠭᠠᠪᠤᠷᠢ ᠶᠣᠰᠣ ᠪᠠᠷ ᠴᠤᠭᠯᠠᠷᠠᠨ᠎ᠠ᠂

          ᠵᠢᠭᠠᠰᠤᠨ ᠲᠣᠣᠷ ᠰᠢᠭ᠋ ᠪᠥᠭᠡᠮᠨᠡᠷᠡᠭᠡᠳ

          ᠵᠠᠯᠢᠬᠠᠢ ᠶ᠋ᠢ ᠤᠰᠠᠤ‍ᠠᠬᠠᠬᠤ ᠪᠠᠷ ᠭᠠᠪᠰᠢᠭᠠᠶ᠋ᠢᠯᠠᠨ᠎ᠠ᠃

 

          ᠣᠪᠣᠭᠠᠨ ᠵ‍ᠣ᠋ ᠶ᠋ᠢᠨ ᠡᠩᠭᠡᠷ ᠲᠦ

          ᠣᠴᠢᠯᠠᠭᠰᠠᠨ ᠲᠦᠳᠡᠭ ᠳᠦᠷᠡᠯᠵᠡᠨ᠎ᠡ᠂

          ᠣᠯᠠᠨ ᠪᠠᠭᠠᠲᠤᠷ ᠦ᠋ᠳ ᠴᠤᠭᠯᠠᠷᠠᠭᠠᠳ

          ᠤᠷᠪᠠᠯᠬ᠋᠎ᠠ ᠭᠠᠷᠭᠠᠬᠤ ᠪᠠᠷ ᠲᠠᠩᠭᠠᠷᠢᠬᠯᠠᠨ᠎ᠠ

 

          ᠦᠬᠡᠷ ᠮᠠᠯ ᠳᠦ ᠮᠢᠷᠢᠶᠠᠭᠰᠠᠨ

          ᠥᠯᠥᠨ ᠴᠢᠨᠣ᠎ᠠ ᠶ᠋ᠢ ᠤᠰᠠᠤ‍ᠠᠬᠠᠨ᠎ᠠ᠂

          ᠥᠯᠥᠭᠡᠢ ᠨᠤᠲᠤᠭ ᠲᠠᠢ ᠬᠠᠯᠲ‍ᠠᠭᠰᠠᠨ

          ᠥᠰᠢᠶᠡᠲᠡᠨ ᠳᠠᠶ᠋ᠢᠰᠤᠨ ᠊ᠢ ᠲᠣᠨᠢᠯᠭᠠᠨ᠎ᠠ᠃

 

          ᠭᠠᠷᠬᠤ ᠤᠯᠠᠭᠠᠨ ᠨᠠᠷᠠ

          ᠭᠠᠯᠠᠪ ᠳᠡᠯᠡᠬᠡᠢ ᠶ᠋ᠢ ᠭᠡᠶ᠋ᠢᠭᠦᠯᠦᠨ᠎ᠡ᠂

          ᠭᠠᠳᠠ ᠮᠡᠶ᠋ᠢᠷᠡᠨ ᠪ ᠪᠣᠰᠤᠯᠬ᠋᠎ᠠ ᠶ᠋ᠢᠨ ᠴᠡᠷᠢᠭ ᠦ᠋ᠨ

          ᠭᠠᠩᠭᠠᠩ ᠲᠤᠭ ᠨᠠᠮᠢᠷᠠᠨ᠎ᠠ᠃

    

               ᠦᠰᠦᠭ ᠠᠮᠢᠯᠠᠭᠤᠯᠤᠭᠴᠢ᠄ ᠲᠤᠶᠠᠬ᠋᠎ᠠ

                      ᠬᠢᠨᠠᠭᠴᠢ᠄ ᠣᠤ‍ᠠᠬᠠᠨᠰᠣ᠎ᠠ

 

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com