ᠬᠤᠨ ᠭᠠᠯᠠᠭᠤ ᠮᠢᠨᠢ
2026-06-14
ᠣᠩᠱᠢᠭ᠍ᠰᠠᠨ ᠣᠳᠠᠭ᠎ᠠ᠄

ᠬᠤᠨ ᠭᠠᠯᠠᠭᠤ ᠮᠢᠨᠢ

 

ᠬᠤᠭᠤᠷ ᠴᠤᠭᠤᠷ ᠢᠶᠠᠨ ᠲᠠᠭᠠᠷᠠᠭᠤᠯᠤᠶ᠎ᠠ

ᠬᠣᠯᠪᠣᠭ᠎ᠠ ᠰᠢᠯᠦᠭ ᠢᠶᠡᠨ ᠡᠭᠦᠰᠭᠡᠶ᠎ᠡ

ᠬᠤᠷᠮᠤᠰᠲᠠ ᠲᠩᠷᠢ ᠪᠡᠷ ᠠᠶᠠᠯᠠᠳᠠᠭ

ᠬᠤᠨ ᠭᠠᠯᠠᠭᠤ᠎ ᠪᠠᠨ ᠮᠠᠭᠲᠠᠶ᠎ᠠ ᠃

 

ᠡᠳᠤᠷ᠎ ᠤᠨ ᠨᠠᠷᠠᠨ ᠤ ᠭᠡᠷᠡᠯ ᠢᠶᠡᠷ

ᠦᠶᠡᠷᠬᠡᠵᠦ ᠨᠢᠰᠳᠡᠭ ᠬᠤᠨ ᠭᠠᠯᠠᠭᠤ

ᠥᠳᠥᠨ ᠵᠢᠭᠦᠷ ᠢᠶᠡᠨ ᠳᠡᠯᠭᠡᠭᠡᠳ

ᠡᠭᠡᠰᠢᠭᠯᠡᠵᠦ ᠶᠠᠪᠤᠳᠠᠭ ᠬᠤᠨ ᠭᠠᠯᠠᠭᠤ

 

ᠰᠥᠨᠢ ᠶᠢᠨ ᠰᠠᠷᠠᠨ ᠤ ᠲᠤᠶᠠᠭ᠎ᠠ᠎᠎ᠪᠠᠷ

ᠰᠦᠷᠦᠭᠯᠡᠵᠦ ᠨᠢᠰᠳᠡᠭ ᠬᠤᠨ ᠭᠠᠯᠠᠭᠤ

ᠰᠣᠳᠣᠨ ᠵᠢᠭᠦᠷ ᠢᠶᠡᠨ ᠳᠡᠯᠭᠡᠭᠡᠳ

ᠰᠤᠪᠤᠷᠠᠵᠤ ᠶᠠᠪᠤᠳᠠᠭ ᠬᠤᠨ ᠭᠠᠯᠠᠭᠤ

 

ᠨᠤᠲᠤᠭ ᠣᠷᠣᠨ ᠡᠴᠡ ᠰᠠᠯᠤᠯ᠎ᠠ ᠭᠡᠳ

ᠮᠠᠷᠲᠠᠳᠠᠭ ᠦᠭᠡᠢ ᠬᠤᠨ ᠭᠠᠯᠠᠭᠤ

ᠨᠠᠭᠤᠷ ᠤᠰᠤᠨ ᠠ᠋ᠴᠠ ᠬᠣᠯᠠᠲᠤᠯ᠎ᠠ ᠭᠡᠳ

ᠣᠷᠬᠢᠳᠠᠭ ᠦᠭᠡᠢ ᠬᠤᠨ ᠭᠠᠯᠠᠭᠤ ᠃

 

ᠠᠩᠬᠢ ᠡᠭᠨᠡᠭᠡ ᠡᠴᠡ᠎ ᠪᠡᠨ ᠬᠣᠴᠣᠷᠲᠠᠭ ᠦᠭᠡᠢ

ᠶᠣᠰᠣᠲᠠᠢ ᠰᠠᠶ᠋ᠢᠬᠠᠨ ᠬᠤᠨ ᠭᠠᠯᠠᠭᠤ

ᠠᠷᠪᠠ ᠲᠠᠪᠤ ᠎ᠪᠠᠷ ᠰᠠᠯᠲᠠᠭ ᠦᠭᠡᠢ

ᠵᠢᠷᠤᠮ ᠎ᠲᠠᠢ ᠰᠠᠶ᠋ᠢᠬᠠᠨ ᠬᠤᠨ ᠭᠠᠯᠠᠭᠤ ᠃

 

ᠭᠠᠭᠴᠠ ᠬᠣᠶᠠᠷ᠎ ᠢᠶᠡᠷ ᠨᠢᠰᠳᠡᠭ ᠦᠭᠡᠢ

ᠪᠦᠯᠬᠦᠮᠳᠡᠯ ᠰᠠᠶ᠋ᠢᠲᠠᠢ ᠬᠤᠨ ᠭᠠᠯᠠᠭᠤ

ᠭᠠᠮᠰᠢᠭ ᠲᠤ ᠤᠴᠠᠷᠠᠭᠰᠠᠨ ᠢᠶᠠᠨ ᠬᠠᠶᠠᠳᠠᠭ ᠦᠭᠡᠢ

ᠨᠥᠬᠥᠷᠯᠡᠯ ᠰᠠᠶ᠋ᠢᠲᠠᠢ ᠬᠤᠨ ᠭᠠᠯᠠᠭᠤ᠃

 

ᠬᠥᠭᠰᠢᠨ ᠵᠡᠮᠳᠡᠭ ᠢᠶᠡᠨ ᠬᠦᠨᠳᠦᠳᠬᠡᠳᠡᠭ

ᠰᠤᠷᠲᠠᠯ ᠰᠠᠶ᠋ᠢᠲᠠᠢ ᠬᠤᠨ ᠭᠠᠯᠠᠭᠤ

ᠬᠡᠦᠬᠡᠳ ᠪᠢᠴᠢᠬᠠᠨ ᠢᠶᠠᠨ ᠠᠰᠠᠷᠠᠳᠠᠭ

ᠪᠣᠳᠣᠯᠭ᠎ᠠ ᠰᠠᠶ᠋ᠢᠲᠠᠢ ᠬᠤᠨ ᠭᠠᠯᠠᠭᠤ ᠃

 

ᠠᠯᠬᠤᠮ ᠳᠠᠷᠠᠭ᠎ᠠ ᠎ᠲᠠᠢ ᠬᠥᠳᠡᠯᠳᠡᠭ

ᠶᠣᠰᠣᠷᠬᠠᠭ ᠵᠠᠩ ᠎ᠲᠠᠢ ᠬᠤᠨ ᠭᠠᠯᠠᠭᠤ

ᠠᠬᠠᠰ ᠵᠠᠬᠠᠰ᠎ ᠢᠶᠠᠨ ᠬᠦᠨᠳᠦᠯᠡᠳᠡᠭ

ᠪᠣᠯᠪᠠᠰᠤᠨ ᠰᠤᠷᠲᠠᠯ ᠲᠠᠢ ᠬᠤᠨ ᠭᠠᠯᠠᠭᠤ ᠃

 

ᠦᠷ᠎ᠡ ᠵᠤᠯᠵᠠᠬ᠋᠎ᠠ᠎ ᠪᠠᠨ ᠥᠰᠭᠡᠲᠡᠯ᠎ᠡ

ᠠᠩᠬᠠᠷᠴᠤ ᠯᠠ ᠪᠠᠶ᠋ᠢᠬᠤ ᠬᠤᠨ ᠭᠠᠯᠠᠭᠤ

ᠦᠳᠦ ᠰᠦᠳᠦ᠎ ᠪᠡᠨ ᠪᠠᠷᠠᠲᠠᠯ᠎ᠠ

ᠠᠵᠢᠯᠯᠠᠵᠤ ᠯᠠ ᠪᠠᠶ᠋ᠢᠬᠤ ᠬᠤᠨ ᠭᠠᠯᠠᠭᠤ᠃

 

ᠬᠠᠲᠠ ᠲᠠᠢ ᠥᠨᠲᠥᠷ ᠵᠠᠮ ᠭᠡᠳ

ᠬᠠᠯᠠᠰᠢᠷᠠᠲᠠᠭ ᠦᠭᠡᠢ ᠬᠤᠨ ᠭᠠᠯᠠᠭᠤ

ᠬᠠᠷᠠᠩᠭᠤᠢ ᠰᠥᠨᠢ ᠶᠠᠪᠤᠯ᠎ᠠ ᠭᠡᠳ

ᠲᠥᠭᠡᠷᠢᠳᠡᠭ ᠦᠭᠡᠢ ᠬᠤᠨ ᠭᠠᠯᠠᠭᠤ ᠃

 

ᠠᠶᠤᠩᠬ᠋᠎ᠠ ᠮᠥᠨᠲᠥᠷ ᠪᠠᠭᠤᠯ᠎ᠠ ᠭᠡᠳ

ᠠᠶᠤᠲᠠᠭ ᠦᠭᠡᠢ ᠬᠤᠨ ᠭᠠᠯᠠᠭᠤ

ᠠᠰᠬᠠᠷᠠᠭᠰᠠᠨ ᠪᠣᠷᠣᠭᠠᠨ ᠢᠷᠡᠯ᠎ᠡ ᠭᠡᠳ

ᠰᠠᠨᠲᠤᠷᠲᠠᠭ ᠦᠭᠡᠢ ᠬᠤᠨ ᠭᠠᠯᠠᠭᠤ ᠃

 

ᠶᠠᠮᠠᠷᠪᠠ ᠰᠠᠭᠠᠳ ᠭᠠᠷᠬᠤ᠎ ᠶᠢ

ᠢᠯᠭᠠᠵᠤ ᠲᠠᠨᠢᠲᠠᠭ ᠬᠤᠨ ᠭᠠᠯᠠᠭᠤ

ᠢᠯᠠᠭᠲᠠᠯ ᠰᠦᠢᠳ ᠲᠦ ᠤᠴᠠᠷᠠᠬᠤ᠎ ᠶᠢ

ᠲᠤᠩᠭᠠᠵᠤ ᠮᠡᠳᠡᠳᠡᠭ ᠬᠤᠨ ᠭᠠᠯᠠᠭᠤ

 

ᠬᠠᠷᠢᠯᠴᠠᠨ ᠬᠠᠪᠰᠤᠷᠤᠯᠴᠠᠬᠤ ᠶᠢ ᠡᠷᠬᠢᠮᠯᠡᠳᠡᠭ

ᠨᠠᠶ᠋ᠢᠷᠰᠠᠭ ᠵᠠᠩ ᠲᠠᠢ ᠬᠤᠨ ᠭᠠᠯᠠᠭᠤ

ᠬᠠᠶ᠋ᠢᠭᠤᠯᠴᠢᠨ ᠮᠠᠨᠠᠭᠠᠴᠢᠨ ᠢ ᠴᠢᠬᠤᠯᠠᠴᠢᠯᠠᠲᠠᠭ

ᠰᠡᠷᠡᠮᠵᠢ ᠰᠠᠶ᠋ᠢᠲᠠᠢ ᠬᠤᠨ ᠭᠠᠯᠠᠭᠤ ᠃

 

ᠰᠠᠷᠠᠭᠤᠯ ᠤᠭᠲᠠᠷᠭᠤᠢ ᠨᠢᠰᠤᠯ᠎ᠡ ᠭᠡᠳ

ᠰᠠᠭᠰᠠᠭᠤᠷᠠᠲᠠᠭ ᠦᠭᠡᠢ ᠬᠤᠨ ᠭᠠᠯᠠᠭᠤ

ᠰᠠᠷ᠎ᠠ ᠵᠢᠯ ᠳ᠋ᠡᠭᠡᠨ ᠶᠠᠪᠤᠯ᠎ᠠ ᠭᠡᠳ

ᠭᠠᠪᠢᠶᠠᠷᠬᠠᠲᠠᠭ ᠦᠭᠡᠢ ᠬᠤᠨ ᠭᠠᠯᠠᠭᠤ ᠃

 

ᠡᠭᠦᠯᠡ ᠮᠠᠨᠠᠨ ᠳᠠᠲᠠᠯ᠎ᠠ ᠭᠡᠳ

ᠲᠥᠭᠡᠷᠢᠳᠡᠭ ᠦᠭᠡᠢ ᠬᠤᠨ ᠭᠠᠯᠠᠭᠤ

ᠡᠲᠤᠷ ᠰᠥᠨᠢ ᠦᠭᠡᠢ ᠶᠠᠪᠤᠯ᠎ᠠ ᠭᠡᠳ

ᠵᠢᠷᠦᠬᠡᠰᠢᠶᠡᠳᠡᠭ ᠦᠭᠡᠢ ᠬᠤᠨ ᠭᠠᠯᠠᠭᠤ ᠃

 

ᠲᠥᠮᠡᠨ ᠭᠠᠵᠠᠷ ᠢᠶᠡᠷ ᠲᠣᠭᠣᠷᠢᠯ᠎ᠠ ᠭᠡᠳ

ᠲᠦᠪᠡᠭᠰᠢᠶᠡᠳᠡᠭ ᠦᠭᠡᠢ ᠬᠤᠨ ᠭᠠᠯᠠᠭᠤ

ᠪᠣᠮᠠᠨ ᠭᠠᠵᠠᠷ ᠢᠶᠠᠷ ᠶᠠᠪᠤᠯ᠎ᠠ ᠭᠡᠳ

ᠪᠡᠷᠬᠡᠰᠢᠶᠡᠳᠡᠭ ᠦᠭᠡᠢ ᠬᠤᠨ ᠭᠠᠯᠠᠭᠤ ᠃

 

ᠬᠣᠣᠷᠲᠠᠨ ᠮᠣᠭᠠᠢ ᠶᠢ ᠦᠵᠡᠪᠡᠯ

ᠭᠡᠴᠢᠶᠡᠵᠤ ᠶᠠᠪᠤᠳᠠᠭ ᠬᠤᠨ ᠭᠠᠯᠠᠭᠤ

ᠬᠣᠪᠳᠣᠭ ᠠᠮᠢᠲᠠᠨ ᠢ ᠦᠵᠡᠪᠡᠯ

ᠰᠡᠷᠭᠡᠶ᠋ᠢᠯᠡᠵᠦ ᠶᠠᠪᠤᠳᠠᠭ ᠬᠤᠨ ᠭᠠᠯᠠᠭᠤ

 

ᠥᠨᠳᠥᠷ ᠠᠭᠤᠯᠠ ᠲᠠᠭᠠᠷᠠᠪᠠᠴᠤ

ᠳᠠᠪᠠᠵᠤ ᠭᠠᠷᠬᠤ ᠬᠤᠨ ᠭᠠᠯᠠᠭᠤ

ᠥᠷᠭᠡᠨ ᠮᠥᠷᠡᠨ ᠳᠣᠬᠢᠶᠠᠯᠳᠠᠪᠠᠴᠤ

ᠭᠡᠲᠦᠯᠵᠦ ᠭᠠᠷᠬᠤ ᠬᠤᠨ ᠭᠠᠯᠠᠭᠤ ᠃

 

ᠡᠷᠬᠡ ᠴᠢᠯᠥᠭᠡᠲᠦ ᠠᠮᠢᠳᠤᠷᠠᠯ ᠢ

ᠪᠡᠯᠭᠡᠳᠡᠵᠦ ᠶᠠᠪᠤᠳᠠᠭ ᠬᠤᠨ ᠭᠠᠯᠠᠭᠤ

ᠡᠵᠡᠷᠬᠡᠭ ᠲᠦᠷᠢᠮᠡᠬᠡᠶ᠋ᠢᠲᠡᠨ ᠡᠲᠡᠭᠡᠳ ᠢ

ᠰᠡᠷᠭᠡᠶ᠋ᠢᠯᠡᠵᠦ ᠶᠠᠪᠤᠳᠠᠭ ᠬᠤᠨ ᠭᠠᠯᠠᠭᠤ ᠃

 

ᠬᠤᠷᠮᠤᠰᠲᠠ ᠲᠩᠷᠢ᠎ ᠢᠶᠡᠷ ᠨᠢᠰᠳᠡᠭ ᠠ᠋ᠴᠠ

ᠬᠤᠨ ᠭᠠᠯᠠᠭᠤ ᠮᠢᠨᠢ ᠮᠠᠭᠲᠠᠭᠠᠯᠲᠠᠢ ᠳ᠋ᠠ

ᠬᠣᠷᠸ᠋᠎ᠠ ᠳᠡᠯᠡᠬᠡᠢ ᠳ᠋ᠦ᠍ ᠠᠮᠢᠲᠤᠷᠠᠲᠠᠭ ᠠ᠋ᠴᠠ

ᠬᠥᠮᠦᠨ ᠪᠦᠬᠦᠨ ᠰᠤᠷᠤᠯᠴᠠᠭᠤᠰᠢᠲᠠᠢ ᠳ᠋ᠠ ⁈

 

ᠬᠥᠬᠡ ᠣᠭᠲᠠᠷᠭᠤᠢ ᠎ᠪᠠᠷ ᠠᠶᠠᠯᠠᠳᠠᠭ ᠠ᠋ᠴᠠ

ᠬᠤᠨ ᠭᠠᠯᠠᠭᠤ ᠮᠢᠨᠢ ᠰᠠᠶ᠋ᠢᠰᠢᠶᠠᠯᠲᠠᠢ ᠳ᠋ᠠ

ᠬᠥᠪᠴᠢᠨ ᠳᠡᠯᠡᠬᠡᠢ ᠎ ᠳ᠋ᠦ᠍ ᠣᠷᠣᠰᠢᠳᠠᠭ ᠠ᠋ᠴᠠ

ᠬᠥᠮᠦᠨ ᠪᠦᠬᠦᠨ ᠳᠠᠭᠤᠷᠢᠶᠠᠯᠲᠠᠢ ᠳ᠋ᠠ ⁈

 

ᠦᠰᠦᠭ ᠠᠮᠢᠯᠠᠭᠤᠯᠤᠭᠴᠢ ᠄ ᠲᠤᠶᠠᠬ᠋᠎ᠠ

ᠬᠢᠨᠠᠭᠴᠢ ᠄ ᠣᠤᠠᠬᠠᠨᠰᠣ᠎ᠠ

 

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com