ᠮᠠᠯᠴᠢᠳ ᠤ᠋ᠨ ᠠᠮᠤᠷ  ᠠᠰᠠᠭᠤᠬᠤ
2026-06-14
ᠣᠩᠱᠢᠭ᠍ᠰᠠᠨ ᠣᠳᠠᠭ᠎ᠠ᠄

ᠮᠠᠯᠴᠢᠳ ᠤ᠋ᠨ ᠠᠮᠤᠷ ᠢ ᠠᠰᠠᠭᠤᠬᠤ

ᠬᠣᠯᠪᠣᠭ᠎ᠠ

 


ᠬᠥᠳᠡᠭᠡ ᠨᠤᠲᠤᠭ ᠤ᠋ᠨ ᠬᠦᠨᠳᠦᠲᠦ ᠬᠠᠶ᠋ᠢᠷᠠᠲᠤ ᠮᠠᠯᠴᠢᠳ ᠲᠠᠨᠠᠷ ᠮᠢᠨᠢ

ᠬᠦᠳᠡᠷ ᠴᠣᠭᠴᠠᠰ ᠪᠡᠶ᠎ᠡ ᠮᠠᠬᠠᠪᠣᠳ ᠴᠢᠨᠢ ᠡᠷᠡᠭᠦᠯ ᠴᠢᠬᠢᠷᠡᠭ ᠤᠤ 

ᠬᠦᠯᠢᠶᠡᠵᠦ ᠠᠪᠤᠭᠰᠠᠨ ᠠᠵᠢᠯ ᠰᠤᠷᠤᠯᠭ᠎ᠠ ᠴᠢᠨᠢ ᠠᠮᠵᠢᠯᠲᠠ ᠲᠠᠢ ᠤᠤ 

ᠬᠦᠷᠰᠢ ᠠᠶ᠋ᠢᠯ ᠬᠡᠦᠬᠡᠳ ᠦᠷ᠎ᠡ ᠲᠡᠢ ᠪᠡᠨ ᠥᠯᠵᠡᠶ᠋ᠢᠲᠡᠢ ᠰᠠᠢᠨ ᠤᠤ 

 


ᠠᠲᠠᠷ ᠲᠠᠯ᠎ᠠ ᠶ᠋ᠢᠨ ᠠᠯᠳᠠᠷ ᠬᠦᠨᠳᠦᠲᠦ ᠮᠠᠯᠴᠢᠨ ᠲᠠᠨᠠᠷ ᠮᠢᠨᠢ

ᠠᠯᠲᠠᠨ ᠴᠣᠭᠴᠠᠰ ᠪᠡᠶ᠎ᠡ ᠮᠠᠬᠠᠪᠣᠳ ᠴᠢᠨᠢ ᠡᠷᠡᠭᠦᠯ ᠲᠡᠩᠬᠡᠯᠡᠭᠦᠨ ᠤᠤ 

ᠠᠷᠠᠳ ᠨᠡᠶ᠋ᠢᠲᠡ ᠶ᠋ᠢᠨ ᠠᠵᠤ ᠦᠢᠯᠡᠳᠪᠦᠷᠢ ᠴᠢᠨᠢ ᠡᠯᠪᠡᠭ ᠬᠤᠷᠢᠶᠠᠯᠲᠠ ᠲᠠᠢ ᠤᠤ 

ᠠᠬᠠᠰᠢᠷᠠᠭ᠎ᠠ ᠪᠤᠭᠤᠷᠤᠯ ᠡᠪᠦᠭᠡᠳ ᠨᠠᠰᠤᠲᠠᠳ ᠴᠢᠨᠢ ᠮᠡᠨᠳᠦ ᠤᠤ 

 


ᠲᠠᠯ᠎ᠠ ᠨᠤᠲᠤᠭ ᠤ᠋ᠨ ᠡᠪᠡᠰᠦ ᠪᠡᠯᠴᠢᠭᠡᠷ ᠴᠢᠨᠢ ᠤᠷᠭᠤᠴᠠ ᠪᠠᠷ ᠶᠠᠮᠠᠷ 

ᠲᠠᠷᠢᠭᠰᠠᠨ ᠪᠣᠷᠳᠣᠭ᠎ᠠ ᠨᠣᠭᠣᠭ᠎ᠠ ᠵᠢᠮᠢᠰ ᠴᠢᠨᠢ ᠬᠤᠷᠢᠶᠠᠯᠲᠠ ᠪᠠᠷ ᠶᠠᠮᠠᠷ ᠪᠣᠢ 

ᠲᠠᠩᠰᠤᠭ ᠰᠦᠷᠦᠭ ᠲᠠᠪᠤᠨ ᠬᠣᠰᠢᠭᠤ ᠮᠠᠯ ᠴᠢᠨᠢ ᠲᠠᠷᠭᠤ ᠪᠠᠷ ᠶᠠᠮᠠᠷ ᠪᠣᠢ 

ᠲᠣᠰᠴᠤ ᠠᠪᠤᠭᠰᠠᠨ ᠲᠥᠯ ᠮᠠᠯ ᠴᠢᠨᠢ ᠪᠣᠶ᠋ᠢᠵᠢᠯᠲᠠ ᠪᠠᠷ ᠶᠠᠮᠠᠷ ᠪᠣᠢ 

 


ᠲᠤᠭᠤᠯ ᠲᠠᠢ ᠦᠨᠢᠶ᠎ᠡ ᠬᠤᠷᠠᠭ᠎ᠠ ᠲᠠᠢ ᠬᠣᠨᠢ ᠴᠢᠨᠢ ᠰᠦ ᠪᠡᠷ ᠶᠠᠮᠠᠷ ᠪᠣᠢ 

ᠲᠠᠷᠠᠭ ᠠᠶ᠋ᠢᠷᠠᠭ ᠴᠡᠭᠡ ᠬᠥᠷᠥᠩᠭᠡ ᠴᠢᠨᠢ ᠢᠰᠦᠯᠲᠡ ᠪᠡᠷ ᠶᠠᠮᠠᠷ ᠪᠣᠢ 

ᠳᠠᠷᠠᠰᠤ ᠠᠷᠢᠬᠢ ᠠᠷᠠᠵᠠ ᠬᠣᠣᠷᠠᠵᠠ ᠴᠢᠨᠢ ᠠᠮᠲᠠ ᠪᠠᠷ ᠶᠠᠮᠠᠷ ᠪᠣᠢ 

ᠲᠣᠰᠣ ᠥᠷᠥᠮ᠎ᠡ ᠬᠤᠷᠤᠳ ᠢᠳᠡᠭᠡ ᠴᠢᠨᠢ ᠭᠠᠷᠤᠯᠲᠠ ᠪᠠᠷ ᠶᠠᠮᠠᠷ ᠪᠣᠢ 

 


ᠠᠮᠤ ᠪᠤᠳᠠᠭ᠎ᠠ ᠠᠷᠠᠯᠵᠢᠶ᠎ᠠ ᠬᠤᠷᠰᠢᠶ᠎ᠠ ᠴᠢᠨᠢ ᠬᠠᠩᠭᠠᠯᠭ᠎ᠠ ᠪᠠᠷ ᠶᠠᠮᠠᠷ ᠪᠣᠢ 

ᠠᠯᠢᠪᠠ ᠵᠦᠢᠯ ᠦ᠋ᠨ ᠠᠮᠢᠳᠤᠷᠠᠯ ᠤ᠋ᠨ ᠬᠡᠷᠡᠭᠰᠡᠯ ᠴᠢᠨᠢ ᠪᠠᠶᠠᠯᠢᠭ ᠢ᠋ᠶ᠋ᠠᠷ ᠶᠠᠮᠠᠷ ᠪᠣᠢ 

ᠠᠷᠢᠬᠢ ᠲᠠᠮᠠᠬᠢ ᠴᠠᠢ ᠵᠢᠮᠢᠰ ᠴᠢᠨᠢ ᠠᠷᠪᠢᠨ ᠢ᠋ᠶ᠋ᠠᠷ ᠶᠠᠮᠠᠷ ᠪᠣᠢ 

ᠠᠰᠢᠳᠠ ᠶ᠋ᠢᠨ ᠰᠠᠢᠬᠠᠨ ᠵᠣᠯ ᠵᠢᠷᠭᠠᠯ ᠴᠢᠨᠢ ᠬᠥᠭᠵᠢᠯᠲᠡ ᠪᠡᠷ ᠶᠠᠮᠠᠷ ᠪᠣᠢ 

 


ᠬᠠᠳᠤᠯᠭ᠎ᠠ ᠡᠪᠡᠰᠦ ᠪᠣᠷᠳᠣᠭ᠎ᠠ ᠲᠡᠵᠢᠭᠡᠯ ᠴᠢᠨᠢ ᠪᠡᠯᠡᠳᠬᠡᠯ ᠢ᠋ᠶ᠋ᠡᠷ ᠶᠠᠮᠠᠷ ᠪᠣᠢ 

ᠬᠤᠳᠳᠤᠭ ᠱᠠᠩᠳᠠ ᠪᠤᠯᠠᠭ ᠭᠣᠷᠣᠬ᠎ᠠ ᠴᠢᠨᠢ ᠤᠰᠤ ᠪᠠᠷ ᠶᠠᠮᠠᠷ ᠪᠣᠢ 

ᠬᠣᠷᠢᠶ᠎ᠠ ᠬᠠᠰᠢᠶ᠎ᠠ ᠫᠢᠩ ᠰᠠᠷᠠᠪᠴᠢ ᠴᠢᠨᠢ ᠨᠥᠮᠥᠷᠢ ᠪᠡᠷ ᠶᠠᠮᠠᠷ ᠪᠣᠢ 

ᠬᠣᠨᠢ ᠦᠬᠡᠷ ᠦ᠋ᠨ ᠬᠣᠭ ᠬᠡᠪᠲᠡᠷᠢ ᠴᠢᠨᠢ ᠳᠤᠯᠠᠭᠠᠨ ᠢ᠋ᠶ᠋ᠠᠷ ᠶᠠᠮᠠᠷ ᠪᠣᠢ 

 


ᠡᠪᠦᠯᠵᠢᠶ᠎ᠡ ᠨᠤᠲᠤᠭ ᠤ᠋ᠨ ᠴᠢᠨᠢ ᠡᠪᠡᠰᠦ ᠪᠡᠯᠴᠢᠭᠡᠷ ᠰᠢᠮ᠎ᠡ ᠪᠡᠷ ᠶᠠᠮᠠᠷ ᠪᠣᠢ 

ᠡᠷᠦᠬᠡ ᠭᠡᠷ ᠤᠷᠲᠤ ᠬᠠᠷᠰᠢ ᠴᠢᠨᠢ ᠳᠤᠯᠠᠭᠠᠨ ᠢ᠋ᠶ᠋ᠠᠷ ᠶᠠᠮᠠᠷ ᠪᠣᠢ 

ᠠᠮᠠᠨ ᠤ᠋ ᠤᠰᠤ ᠮᠠᠯ ᠤ᠋ᠨ ᠴᠠᠰᠤ ᠴᠢᠨᠢ ᠲᠣᠬᠢᠷᠠᠮᠵᠢ ᠪᠠᠷ ᠶᠠᠮᠠᠷ ᠪᠣᠢ 

ᠠᠷᠭᠠᠯ ᠬᠣᠷᠭᠣᠯ ᠬᠥᠷᠵᠡᠩ ᠲᠦᠯᠡᠰᠢ ᠴᠢᠨᠢ ᠬᠠᠭᠤᠷᠠᠢ ᠪᠠᠷ ᠶᠠᠮᠠᠷ ᠪᠣᠢ 

 


ᠴᠢᠳᠥᠷ ᠦ᠋ᠨ ᠮᠣᠷᠢ ᠤᠨᠤᠭᠠᠨ ᠤ᠋ ᠲᠡᠮᠡᠭᠡ ᠴᠢᠨᠢ ᠲᠠᠷᠭᠤ ᠪᠠᠷ ᠶᠠᠮᠠᠷ ᠪᠣᠢ 

ᠱᠥᠯᠦᠨ ᠦ᠌ ᠬᠣᠨᠢ ᠢᠳᠡᠰᠢᠨ ᠦ᠌ ᠦᠬᠡᠷ ᠴᠢᠨᠢ ᠥᠭᠡᠬᠦ ᠪᠡᠷ ᠶᠠᠮᠠᠷ ᠪᠣᠢ 

ᠰᠢᠨ᠎ᠡ ᠵᠢᠯ ᠦ᠋ᠨ ᠪᠠᠶᠠᠷ ᠴᠡᠩᠭᠡᠯ ᠴᠢᠨᠢ ᠬᠥᠭᠵᠢᠶᠡᠨ ᠢ᠋ᠶ᠋ᠡᠷ ᠶᠠᠮᠠᠷ ᠪᠣᠢ 

ᠰᠢᠭᠦᠰᠦ ᠬᠤᠷᠢᠮ ᠠᠷᠢᠬᠢ ᠰᠠᠷᠬᠤᠳ ᠴᠢᠨᠢ ᠨᠠᠶ᠋ᠢᠷ ᠢ᠋ᠶ᠋ᠠᠷ ᠶᠠᠮᠠᠷ ᠪᠣᠢ 

 


ᠦᠰᠦᠭ ᠠᠮᠢᠯᠠᠭᠤᠯᠤᠭᠴᠢ᠄ ᠣᠶᠤᠨᠴᠢᠮᠡᠭ

ᠬᠢᠨᠠᠭᠴᠢ ᠪᠠᠭᠰᠢ᠄ ᠣᠣᠬᠠᠭᠰᠣ᠎ᠡ

 

 

 

 

ᠢᠷᠡᠯᠲᠡ᠄

2025- © Sonin ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠢᠮᠧᠯ᠄ soninhuudas@gmail.com